ᠨᠡᠪᠲᠡᠷᠡᠨ ᠤᠷᠤᠬᠤ
ᠪᠠᠭᠰᠢ ᠳᠠᠭᠠᠨ ᠡᠷᠭᠦᠭᠦ ᠰᠢᠯᠦᠭ᠌
ᠭᠦᠳᠦᠯᠦᠭᠡ ᠨᠢᠭᠡ

ᠪᠢᠷ ᠶᠢᠡᠨ ᠪᠢ ᠪᠠᠷᠢᠮᠠᠭᠴᠠ

ᠪᠠᠭᠰᠢ ᠪᠠᠨ ᠰᠠᠨᠠᠵᠤ ᠣᠯᠳᠠᠭ᠂

ᠪᠢᠴᠢᠭ᠌ ᠨᠤᠮ ᠲᠡᠶ ᠣᠴᠠᠷᠠᠮᠠᠭᠴᠠ

ᠪᠠᠭᠰᠢ ᠪᠠᠨ ᠳᠤᠷᠠᠰᠴᠤ ᠪᠠᠢ᠌ᠳᠠᠭ᠃

ᠡᠷᠳᠡᠮ ᠰᠤᠶᠤᠯ ᠤᠨ ᠣᠷᠭᠢᠯ ᠥᠭᠡᠳᠡ

ᠪᠠᠭᠰᠢ ᠮᠢᠨᠢ ᠪᠢᠳᠠᠨ ᠢ ᠵᠢᠯᠤᠭᠤᠳᠴᠤ ᠪᠢᠯᠠ᠂

ᠡᠷᠢᠯ ᠭᠦᠰᠡᠯᠡᠩ ᠤᠨ ᠰᠠᠢ᠌ᠬᠠᠨ ᠢ

ᠪᠠᠭᠰᠢ ᠮᠢᠨᠢ ᠪᠢᠳᠠᠨ ᠳᠤ ᠭᠦᠷᠳᠡᠭᠡᠵᠤ ᠪᠢᠯᠠ᠃

ᠣᠷᠴᠢᠯᠠᠩ ᠤᠨ ᠨᠢᠭᠤᠴᠠ ᠶᠢ ᠢᠯᠡᠷᠡᠭᠦᠯᠭᠦ

ᠣᠠᠴᠠᠭᠠᠢ ᠡᠷᠳᠡᠮ ᠢ ᠪᠠᠭᠰᠢ ᠮᠢᠨᠢ᠌᠌ ᠵᠢᠭᠠᠵᠤ᠂

ᠣᠳᠤᠨ ᠭᠠᠷᠠᠭ ᠲᠤ ᠵᠤᠷᠴᠢᠬᠤ

ᠣᠪᠠᠳᠢᠰ ᠮᠡᠳᠡᠯᠭᠡ ᠶᠢ ᠪᠠᠭᠰᠢ ᠮᠢᠨᠢ ᠰᠤᠷᠭᠠᠵᠠᠢ᠃

ᠰᠤᠶᠤᠯ ᠤᠨ ᠰᠢᠮᠠᠳᠤ ᠣᠭᠤᠷᠠᠭ

ᠪᠠᠭᠰᠢ ᠶᠢᠨ ᠣᠶᠤᠨ ᠡᠴᠡ ᠢᠪᠢᠯᠤᠨ᠎ᠠ

ᠰᠢᠡᠵᠢᠯᠡᠭᠦ ᠣᠬᠠᠭᠠᠨ ᠤ ᠰᠠᠴᠤᠷᠠᠭ

ᠪᠠᠭᠰᠢ ᠶᠢᠨ ᠪᠠᠶᠠᠨ ᠡᠴᠡ ᠭᠡᠷᠡᠯᠳᠦᠨ᠎ᠡ᠃

ᠡᠯᠢᠭᠡᠨ ᠬᠠᠢ᠌ᠷ᠎ᠠ ᠪᠠᠨ ᠪᠢ

ᠪᠠᠭᠰᠢ ᠳᠠᠭᠠᠨ ᠡᠷᠭᠦᠵᠤ ᠶᠠᠪᠣᠨ᠎ᠠ᠂

ᠡᠷᠭᠢᠮ ᠪᠦᠳᠦᠭᠡᠯ ᠶᠢᠡᠨ ᠪᠢ

ᠪᠠᠭᠰᠢ ᠳᠠᠭᠠᠨ ᠰᠤᠨᠤᠰᠬᠠᠵᠤ ᠶᠠᠪᠣᠨ᠎ᠠ᠃

ᠬᠠᠩᠭᠢᠨᠠᠮ᠎ᠠ ᠰᠠᠢ᠌ᠬᠠᠨ ᠳᠠᠭᠤᠤ ᠪᠠᠨ

ᠪᠠᠭᠰᠢ ᠳᠠᠭᠠᠨ ᠪᠢ ᠡᠷᠭᠦᠨ᠎ᠡ᠂

ᠬᠠᠢ᠌ᠷ᠎ᠠ ᠶᠢᠨ ᠢᠷᠠᠭᠤ ᠣᠶᠠᠩᠭ᠋᠎ᠠ ᠪᠠᠨ

ᠪᠠᠭᠰᠢ ᠳᠠᠭᠠᠨ ᠪᠢ ᠪᠠᠷᠢᠨ᠎ᠠ᠃


      ᠰᠢᠯᠦᠭ᠌ ᠮᠢᠨᠢ ᠴᠢ ᠪᠣᠤ ᠭᠤᠮᠤᠳᠠ


ᠰᠢᠯᠦᠭ᠌ ᠴᠢᠮ᠎ᠠ ᠳᠠᠭᠠᠨ ᠰᠡᠭᠦᠯ ᠨᠠᠮᠠᠵᠤ

ᠰᠡᠳᠭᠦᠯᠴᠢ ᠶᠢᠨ ᠡᠮᠦᠨ᠎ᠡ ᠰᠢᠷᠪᠢᠨ ᠪᠢᠯᠳᠠᠤᠷᠴᠤ

ᠰᠡᠭᠦᠯ ᠤᠨ ᠬᠠᠭᠤᠳᠠᠰᠤᠨ ᠤ ᠴᠤ ᠣᠷᠤ ᠶᠢ ᠡᠵᠡᠯᠡᠨ

ᠰᠠᠢ᠌ᠬᠠᠨ ᠨᠠᠷ᠎ᠠ ᠶᠢ ᠨᠠᠳᠠ ᠠᠪᠴᠢᠷᠠ ᠭᠡᠵᠤ

ᠰᠡᠳᠭᠢᠯ ᠡᠴᠡ ᠪᠠᠨ ᠪᠢ ᠳᠤᠮᠢᠯᠠᠭ᠎ᠠ ᠦᠭᠡᠶ

ᠰᠢᠯᠦᠭ᠌ ᠴᠢᠮ᠎ᠠ ᠳᠠᠭᠠᠨ ᠪᠠᠯᠡᠭ᠌ ᠡᠭᠦᠷᠦᠭᠦᠯᠵᠤ

ᠳᠤᠭᠤᠭᠠᠨ ᠳᠤ ᠮᠢᠬ᠎ᠠ ᠲᠡᠶ ᠴᠤᠭ ᠴᠢᠨᠠᠵᠤ

ᠳᠤᠰᠤᠳᠠᠢ ᠭᠠᠷ ᠤᠨ ᠭᠤᠯᠭᠤᠷᠢᠭᠰᠠᠨ ᠵᠠᠢ ᠪᠠᠷ

ᠳᠠᠷᠬᠠᠨ ᠰᠤᠶᠤᠯ ᠤᠨ ᠳᠤᠯᠭ᠎ᠠ ᠳᠤ ᠬᠤᠴᠤᠷ ᠭᠡᠵᠤ

ᠳᠠᠮᠠᠢ᠌ᠷᠠᠵᠤ ᠪᠢ ᠰᠠᠨᠠᠭᠰᠠᠨ ᠦᠭᠡᠶ

ᠰᠢᠯᠦᠭ᠌ ᠴᠢᠮ᠎ᠠ ᠳᠠᠭᠠᠨ ᠭᠦ᠋ ᠳᠦᠷᠭᠢᠵᠤ

ᠬᠠᠷᠠᠮᠵᠢ ᠶᠢᠨ ᠡᠮᠦᠨ᠎ᠡ ᠡᠪᠦᠳᠦᠭ᠌ ᠰᠥᠭᠦᠷᠡᠭᠦᠯᠵᠤ

ᠬᠠᠵᠠᠭᠠᠢ ᠰᠤᠯᠢᠭᠠᠢ ᠪᠢᠴᠢᠵᠤ ᠡᠷᠢᠶᠡᠴᠢᠨ

ᠬᠠᠢ᠌ᠷᠠᠳᠤ ᠭᠡᠯᠡᠨ ᠤ ᠣᠩᠭ᠋ᠤᠨ ᠭᠦᠷᠦᠰᠤᠨ ᠳᠡᠭᠡᠷ᠎ᠡ

ᠬᠠᠮᠬᠤᠤᠯ ᠪᠣᠯᠭᠠᠬᠤ ᠪᠠᠷ ᠪᠢ ᠭᠦᠰᠡᠭᠡ ᠦᠭᠡᠶ

ᠠᠷᠤ ᠳᠠᠭᠠᠨ ᠡᠭᠦᠳᠡ ᠦᠭᠡᠶ ᠮᠤᠩᠭ᠋ᠤᠯ ᠭᠡᠷ ᠲᠤ

ᠠᠯᠳᠠᠨ ᠨᠠᠷᠠ ᠴᠤ ᠠᠳᠠᠯᠢᠬᠠᠨ ᠭᠡᠷᠡᠯᠳᠦᠳᠡᠭ᠌ ᠪᠣᠯᠬᠤᠷ

ᠨᠠᠢ᠌ᠷᠠᠭ ᠮᠢᠨᠢ ᠴᠢ

ᠨᠠᠳᠠ ᠡᠴᠡ ᠪᠣᠰᠤᠳ ᠭᠡᠨ ᠳᠤ ᠴᠤ ᠪᠣᠤ ᠭᠤᠮᠤᠳᠠ

ᠨᠠᠢ᠌ᠷᠠᠭᠤᠯᠤᠭᠴᠢ ᠳᠤ ᠨᠠᠩ ᠪᠣᠤ ᠭᠤᠮᠤᠳᠠ ᠡ ︕

ᠠᠷᠠᠤᠨ ᠲᠦᠮᠡᠨ ᠴᠢᠮ᠎ᠠ ᠶᠢ ᠰᠢᠯᠦᠭ᠌ ᠭᠡᠵᠤ

ᠠᠷᠢᠭᠤᠨ ᠰᠦ᠋ ᠪᠠᠷ ᠮᠢᠯᠢᠶᠠᠬᠤ ᠦᠭᠡᠶ ᠰᠠᠨ ᠪᠣᠯ

ᠠᠭᠤᠤ ᠵᠢᠭᠰᠠᠭᠠᠯ ᠳᠠᠭᠠᠨ ᠪᠣᠴᠠᠨ ᠢᠷᠠᠵᠤ

ᠠᠳᠤᠭᠤᠴᠢᠨ ᠠᠪᠣ ᠶᠢᠨ ᠭᠦᠤ ᠮᠢᠨᠤ

ᠠᠭᠢᠭᠠᠤᠨ ᠵᠠᠰᠠᠬᠤ ᠶᠢ ᠭᠦᠯᠢᠶᠡᠭᠦ ᠪᠣᠯᠪᠠᠤ ︕


ᠵᠤᠬᠢᠶᠠᠭᠴᠢ ᠶᠢᠨ ᠬᠠᠶᠠᠭ ᠄ ᠳᠦᠡᠭᠯᠢᠶ‍ᠦᠤ ᠮᠤᠩᠭ᠋ᠤᠯ ᠳᠤᠮᠳᠠᠳᠤ ᠰᠤᠷᠭᠠᠭᠤᠯᠢ ᠶᠢᠨ ᠮᠤᠩᠭ᠋ᠤᠯ ᠭᠡᠯᠡᠨ ᠤ ᠳᠤᠭᠣᠢ᠌ᠯᠠᠩ

ᠵᠤᠬᠢᠶᠠᠭᠴᠢ᠄ ᠪᠠ᠊·ᠤᠳᠽᠠᠷ
ᠢᠷᠡᠯᠲᠡ᠄ ᠡᠭᠡ ᠪᠢᠴᠢᠭ᠌ ᠤᠨ ᠰᠢᠰᠲ᠋ᠸᠮ ᠶᠢᠡᠷ ᠢᠷᠡᠭᠦᠯᠦᠭ᠍ᠰᠡᠨ
ᠬᠠᠷᠢᠶ᠎ᠠ᠄ ᠰᠢᠯᠦᠭ
ᠳᠠᠷᠤᠮ᠄ 16031
ᠴᠠᠭ᠄ 2014 ᠤᠨ ᠤ 03 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ