ᠨᠡᠪᠲᠡᠷᠡᠨ ᠤᠷᠤᠬᠤ
ᠭᠡᠯᠡ ᠵᠥᠭ᠍ᠰᠢᠷᠡᠭᠦᠯᠭᠦ ᠥᠭᠡ

ᠠᠷᠤ ᠶᠢᠨ ᠵᠤ᠋ ᠶᠢᠨ

ᠠᠯᠠᠭ ᠠᠯᠠᠭᠳᠠᠭ᠎ᠠ

ᠠᠯᠠᠭ ᠵᠤ᠋ ᠳᠡᠭᠡᠷ᠎ᠡ

ᠠᠯᠬᠤᠬᠤ ᠦᠭᠡᠶ

ᠠᠷᠤ ᠶᠢᠨ ᠵᠤ᠋ ᠳᠡᠭᠡᠷ᠎ᠡ ᠭᠦᠶ‍ᠦᠨ᠎ᠡ᠃


ᠠᠯᠠᠭ ᠥᠭᠡᠷ

ᠠᠯᠠ ᠪᠠᠨ ᠳᠤᠯᠢᠶᠠᠨ᠎ᠠ

ᠠᠯᠠᠭ ᠳᠤᠭᠤᠯ

ᠵᠠᠯ᠎ᠠ ᠪᠠᠨ ᠳᠤᠯᠢᠶᠠᠨ᠎ᠠ


ᠠᠯᠠᠭ ᠳᠠᠭ᠎ᠠ ᠳᠤᠩᠭ᠋ᠤᠷᠴᠠᠭᠯᠠᠷᠬᠠᠭ

ᠠᠷᠭᠠᠮᠵᠢ ᠳᠡᠭᠡᠰᠤ ᠣᠷᠢᠶᠠᠯᠳᠤᠴᠢᠬᠠᠯᠠᠷᠬᠠᠭ


ᠠᠯᠪᠠᠨ ᠡᠷᠢᠶ᠎ᠡ

ᠠᠷᠪᠠᠨ ᠡᠯᠢᠶ᠎ᠡ


ᠨᠢᠭᠤᠷ ᠠᠷᠴᠢᠬᠤ ᠠᠯᠴᠢᠭᠤᠷ

ᠳᠠᠷᠢᠶ᠎ᠠ ᠠᠷᠴᠢᠬᠤ ᠠᠷᠴᠢᠭᠤᠷ


ᠡᠪᠦᠳᠦᠭ᠌ ᠢ ᠡᠪᠦᠳᠦᠭ᠌ ᠶᠢᠡᠷ ᠡᠪᠦᠳᠦᠭᠯᠡᠭᠦ ᠳᠤ

ᠡᠪᠦᠳᠦᠭᠯᠡᠭ᠍ᠰᠡᠨ ᠡᠪᠦᠳᠦᠭ᠌ ᠡᠪᠡᠳᠭᠦ ᠦᠦ

ᠡᠪᠦᠳᠦᠭᠯᠡᠭᠦᠯᠦᠭ᠍ᠰᠡᠨ ᠡᠪᠦᠳᠦᠭ᠌ ᠡᠪᠠᠦᠡᠭᠦ ᠦᠦ


ᠡᠷᠭᠢᠨ ᠳᠡᠭᠡᠷ᠎ᠡ ᠡᠯᠢᠶ᠎ᠡ ᠭᠡᠷᠢᠶ᠎ᠡ ᠭᠠᠯᠠᠭᠤ ᠭᠤᠷᠪᠠ

ᠡᠷᠡᠤ ᠠᠮᠠ ᠪᠠᠨ ᠳᠤᠯᠢᠶᠠᠨ᠎ᠠ

ᠭᠡᠷᠡᠮ ᠤᠨ ᠳᠡᠭᠡᠷ᠎ᠡ ᠭᠡᠷᠢᠶ᠎ᠡ ᠡᠯᠢᠶ᠎ᠡ ᠭᠠᠯᠠᠭᠤ ᠭᠤᠷᠪᠠ

ᠭᠦᠵᠦᠭᠦᠤ ᠠᠮᠠ ᠪᠠᠨ ᠳᠤᠯᠢᠶᠠᠨ᠎ᠠ

ᠭᠤᠤᠯ ᠳᠡᠭᠡᠷ᠎ᠡ ᠭᠠᠯᠠᠭᠤ ᠭᠡᠷᠢᠶ᠎ᠡ ᠡᠯᠢᠶ᠎ᠡ ᠭᠤᠷᠪᠠ

ᠭᠦᠯ ᠠᠮᠠ ᠪᠠᠨ ᠳᠤᠯᠢᠶᠠᠨ᠎ᠠ᠃


ᠡᠷᠳᠡᠨᠢ ᠡᠪᠦᠷᠯᠡᠭᠦ ᠪᠠᠷ

ᠡᠷᠳᠡᠮ ᠡᠪᠦᠷᠯᠡ

ᠡᠷᠳᠡᠨᠢ ᠪᠠᠷᠠᠭᠳᠠᠬᠤ ᠳᠤ

ᠡᠷᠳᠡᠮ ᠪᠠᠷᠠᠭᠳᠠᠬᠤ ᠦᠭᠡᠶ


ᠡᠵᠢ ᠶᠢᠨ ᠢᠯᠠᠤᠷ ᠬᠠᠭᠠᠷᠢᠭᠤᠯ ᠪᠠᠷᠢᠭᠤᠯ ᠭᠤᠷᠪᠠ

ᠡᠭᠡᠴᠢ ᠶᠢᠨ ᠡᠭᠡᠷᠤᠯ ᠬᠠᠢ᠌ᠯᠤᠭᠤᠷ ᠪᠠᠯᠠᠯᠤᠭᠤᠷ ᠭᠤᠷᠪᠠ

ᠠᠬ᠎ᠠ ᠶᠢᠨ ᠠᠷᠭᠠᠯ ᠬᠤᠷᠭᠤᠯ ᠭᠤᠷᠭᠤᠤᠯ ᠭᠤᠷᠪᠠ


ᠣᠷᠳᠤ ᠣᠷᠭ᠎ᠠ ᠪᠠᠷ

ᠣᠷᠤᠭ᠎ᠠ ᠮᠤᠷᠢ ᠶᠢ ᠪᠠᠷᠢᠨ᠎ᠠ

ᠣᠷᠤᠭ᠎ᠠ ᠮᠤᠷᠢ ᠨᠢ

ᠣᠷᠳᠤ ᠣᠷᠭ᠎ᠠ ᠳᠤ ᠪᠠᠷᠢᠭᠳᠠᠨ᠎ᠠ᠃


ᠳᠦᠷᠪᠡᠯᠵᠢᠨ ᠰᠥᠯᠵᠢᠭ᠍ᠰᠡᠨ

ᠳᠦᠷᠦᠭᠡᠨ ᠤ ᠣᠭᠰᠠᠷᠠᠭ᠎ᠠ

ᠳᠦᠷᠪᠡ ᠪᠠᠷ ᠰᠥᠯᠵᠢᠭ᠍ᠰᠡᠨ

ᠵᠢᠷᠢᠮ ᠤᠨ ᠣᠭᠰᠠᠷᠠᠭ᠎ᠠ


ᠪᠦᠳᠦᠨ᠎ᠡ ᠪᠦᠯᠦᠭ᠌ ᠪᠦᠯᠦᠭ᠌ ᠶᠢᠡᠷ

ᠪᠦᠭᠡᠮᠨᠡᠷᠡᠨ ᠪᠦᠭᠡᠮᠨᠡᠷᠡᠨ᠎ᠡ

ᠪᠦᠯᠦᠭ᠌ ᠪᠦᠯᠦᠭ᠌ ᠶᠢᠡᠷ ᠪᠦᠳᠦᠨ᠎ᠡ

ᠪᠦᠭᠡᠮᠨᠡᠷᠡᠨ ᠪᠦᠭᠡᠮᠨᠡᠷᠡᠨ᠎ᠡ


ᠠᠷᠪᠠᠨ ᠳᠠᠪᠤᠨ ᠤ ᠰᠠᠷᠠ

ᠠᠯᠤᠰ ᠶᠢᠡᠷ ᠭᠦᠷᠢᠶᠡᠯᠡᠪᠡ ᠦᠦ ︖

ᠣᠢ᠌ᠷ᠎ᠠ ᠪᠠᠷ ᠭᠦᠷᠢᠶᠡᠯᠡᠪᠡ ᠦᠦ ︖

ᠬᠤᠷᠢᠨ ᠳᠠᠪᠤᠨ ᠤ ᠰᠠᠷᠠ

ᠬᠤᠯᠠᠭᠤᠷ ᠭᠦᠷᠢᠶᠡᠯᠡᠪᠡ ᠦᠦ ︖

ᠣᠢ᠌ᠷ᠎ᠠ ᠪᠠᠷ ᠭᠦᠷᠢᠶᠡᠯᠡᠪᠡ ᠦᠦ ︖


ᠠᠯᠠᠭᠴᠢ ᠥᠭᠡᠷ ᠠᠷᠤ ᠥᠭᠡᠳᠡ ᠪᠠᠨ ᠡᠷᠭᠢᠵᠤ

ᠠᠷᠤ ᠪᠠᠨ ᠴᠤ ᠠᠷᠪᠠᠨ ᠭᠤᠷᠪᠠ ᠳᠤᠯᠢᠶᠠᠨ᠎ᠠ

ᠠᠯᠠ ᠪᠠᠨ ᠴᠤ ᠠᠷᠪᠠᠨ ᠭᠤᠷᠪᠠ ᠳᠤᠯᠢᠶᠠᠨ᠎ᠠ


ᠡᠷᠮ᠎ᠡ ᠳᠡᠭᠡᠭᠦᠷ ᠡᠷᠪᠠᠭᠡᠢ

ᠡᠷᠭᠢᠨ ᠳᠡᠭᠡᠭᠦᠷ ᠡᠯᠢᠶ᠎ᠡ

ᠡᠯᠢᠶ᠎ᠡ ᠡᠷᠪᠠᠭᠡᠢ ᠬᠤᠶᠠᠷ

ᠡᠷᠭᠢᠨ ᠳᠤᠭᠤᠷᠢᠨ ᠨᠢᠰᠤᠨ᠎ᠠ


ᠠᠷᠤ ᠶᠢᠨ ᠳᠠᠯ᠎ᠠ ᠶᠢᠨ ᠠᠷᠭᠠᠯ ᠢ

ᠠᠪᠣ ᠠᠬ᠎ᠠ ᠲᠡᠶ ᠬᠤᠶᠠᠭᠤᠯᠠ

ᠠᠷᠤᠭ ᠠᠷᠤᠭ ᠶᠢᠡᠷ ᠠᠷᠤᠭᠯᠠᠵᠤ

ᠠᠷᠤ ᠠᠷᠤ ᠳᠤ ᠪᠠᠨ ᠡᠭᠦᠷᠴᠤ ᠢᠷᠠᠪᠠ


ᠡᠷ᠎ᠡ ᠣᠯᠠᠨ ᠭᠡᠷᠢᠶ᠎ᠡ

ᠭᠡᠯᠡ ᠣᠷᠠᠨ ᠡᠯᠢᠶ᠎ᠡ


ᠨᠠᠷᠢᠨ ᠣᠯᠤᠩ ᠣᠯᠣᠢ᠌ᠷᠳᠤᠬᠤ ᠦᠦ ︖

ᠪᠦᠳᠦᠭᠦᠨ ᠣᠯᠤᠩ ᠣᠯᠣᠢ᠌ᠷᠳᠤᠬᠤ ᠦᠦ ︖

ᠨᠠᠷᠢᠨ ᠣᠯᠤᠩ ᠣᠯᠣᠢ᠌ᠷᠳᠤᠬᠤ ᠡᠴᠡ ᠪᠢᠰᠢ

ᠪᠦᠳᠦᠭᠦᠨ ᠣᠯᠤᠩ ᠣᠯᠣᠢ᠌ᠷᠳᠤᠬᠤ ᠦᠭᠡᠶ


ᠣᠷᠤᠭᠤᠯ ᠤᠨ ᠣᠷᠠᠨ

ᠣᠬᠠᠭᠠᠨ ᠤ ᠣᠷᠠᠨ

ᠣᠷᠤᠭᠤᠯ ᠤᠨ ᠣᠷᠠᠨ ᠡᠴᠡ

ᠣᠬᠠᠭᠠᠨ ᠤ ᠣᠷᠠᠨ ᠳᠡᠭᠡᠷ᠎ᠡ


ᠦᠷᠦᠯᠪᠢ ᠰᠢᠪᠠᠭᠤ

ᠥᠷᠪᠠᠯᠭᠡ ᠦᠳᠦ ᠪᠠᠨ

ᠥᠷᠯᠦᠭᠡᠭᠦᠷ ᠪᠦᠷᠢ

ᠥᠷᠪᠠᠯᠵᠡᠭᠦᠯᠤᠨ ᠵᠠᠰᠠᠨ᠎ᠠ


ᠪᠠᠭᠠᠯ ᠪᠠᠭᠠᠪᠠᠭᠠᠢ ᠪᠠᠷᠰ ᠭᠤᠷᠪᠠ ᠶᠢᠨ

ᠪᠠᠭᠠᠯ ᠨᠢ ᠪᠠᠭᠠᠰᠢᠯᠠᠨ ᠭᠠᠰᠠᠯᠤᠨ᠎ᠠ

ᠪᠠᠭᠠᠪᠠᠭᠠᠢ ᠨᠢ ᠪᠠᠯᠪᠠᠨᠠᠨ ᠣᠷᠢᠯᠠᠨ᠎ᠠ

ᠪᠠᠷᠰ ᠨᠢ ᠪᠠᠷᠭᠢᠷᠠᠨ ᠭᠦᠷᠭᠢᠷᠡᠨ᠎ᠡ


ᠪᠠᠷᠭᠡᠨ ᠪᠠᠯᠠᠩ ᠠᠯᠳᠠᠭᠠᠤᠨ ᠪᠠᠯᠡᠩᠳᠡᠭ᠍ᠰᠡᠨ ᠡᠴᠡ ᠪᠢᠰᠢ

ᠪᠠᠯᠠᠩᠴᠢ ᠪᠣᠯᠤᠭᠠᠤᠨ ᠪᠠᠯᠡᠩᠳᠡᠭ᠍ᠰᠡᠨ ᠦᠭᠡᠶ


ᠭᠡᠨ ᠭᠡᠨ ᠶᠢᠡᠨ ᠭᠡᠯᠡᠵᠤ

ᠭᠡᠯᠡ ᠣᠷᠤᠭᠤᠯ ᠶᠢᠡᠨ ᠣᠷᠤᠯᠳᠤᠬᠤ ᠪᠠᠷ

ᠭᠡᠯᠡ ᠣᠷᠤᠭᠤᠯ ᠶᠢᠡᠨ ᠬᠠᠮᠭᠢᠵᠤ

ᠭᠡᠨ ᠭᠡᠨ ᠶᠢᠡᠨ ᠭᠡᠯᠡᠭᠦ ᠦᠭᠡᠶ ᠪᠣᠯ

ᠭᠡᠨ ᠭᠡᠨ ᠳᠤ ᠪᠠᠨ ᠳᠤᠰᠠ ᠲᠡᠶ


ᠭᠡᠭᠡᠷ ᠠᠵᠢᠷᠭ᠎ᠠ ᠶᠢᠨ

ᠭᠡᠭᠡᠭ᠍ᠴᠢ ᠭᠡᠭᠦᠤ

ᠭᠡᠭᠡᠷ᠎ᠡ ᠳᠠᠯ᠎ᠠ ᠳᠤ

ᠭᠡᠭᠡᠷ ᠣᠨᠠᠭ᠎ᠠ ᠣᠨᠠᠭᠯᠠᠵᠠᠢ


ᠬᠤᠯᠠᠨ ᠵᠢᠷᠤᠭ᠎ᠠ

ᠰᠤᠷᠤᠨ ᠵᠢᠯᠤᠭᠤ


ᠭᠡᠯᠦᠩ ᠭᠡᠯᠦᠩ ᠶᠢᠡᠨ ᠭᠡᠳᠡᠭᠡᠯᠡᠵᠤ

ᠭᠡᠳᠡᠭᠡᠯᠡᠭ᠍ᠳᠡᠭ᠍ᠰᠡᠨ ᠨᠢ ᠭᠡᠳ ᠭᠡᠳ ᠢᠨᠢᠶᠡᠭᠦ ᠳᠤ

ᠭᠡᠳᠡᠭᠡᠯᠡᠭ᠍ᠳᠡᠭ᠍ᠰᠡᠨ ᠦᠭᠡᠶ ᠨᠢ ᠪᠠᠰᠠ

ᠭᠡᠳ ᠭᠡᠳ ᠢᠨᠢᠶᠠᠨ᠎ᠠ


ᠭᠤᠷᠤᠬ᠎ᠠ ᠶᠢᠨ ᠭᠤᠷᠪᠠᠨ ᠭᠠᠯᠠᠭᠤ

ᠭᠤᠤᠯ ᠤᠨ ᠭᠤᠷᠪᠠᠨ ᠭᠠᠯᠠᠭᠤ

ᠭᠤᠷᠤᠬ᠎ᠠ ᠭᠤᠤᠯ ᠤᠨ ᠭᠤᠷᠪᠠᠨ ᠭᠠᠯᠠᠭᠤ

ᠭᠤᠷᠪᠠᠨ ᠳᠠᠢ᠌ᠰᠢ ᠪᠠᠨ ᠨᠢᠰᠤᠨ᠎ᠠ


ᠳᠠᠨ ᠤ ᠮᠤᠬᠤᠷ ᠣᠯᠠᠭᠠᠨ ᠬᠤᠴᠠᠨ ᠤ ᠡᠪᠠᠷ

ᠮᠤᠰᠭᠢᠯᠳᠤᠭᠤᠷ ᠦᠦ ︖ ᠳᠤᠰᠭᠢᠯᠳᠤᠭᠤᠷ ᠦᠦ ︖

ᠮᠠᠨ ᠤ ᠮᠤᠬᠤᠷ ᠣᠯᠠᠭᠠᠨ ᠬᠤᠴᠠᠨ ᠤ ᠡᠪᠠᠷ

ᠮᠤᠰᠭᠢᠯᠳᠤᠭᠤᠷ ᠦᠦ ︖ ᠳᠤᠰᠭᠢᠯᠳᠤᠭᠤᠷ ᠦᠦ ︖


ᠰᠢᠯᠢᠵᠤ ᠣᠯᠤᠭᠰᠠᠨ ᠱᠢᠷᠤ

ᠰᠢᠷᠢᠵᠤ ᠣᠶᠤᠭᠰᠠᠨ ᠰᠢᠷᠳᠡᠭ᠌


ᠱᠠᠩᠬᠤ ᠰᠠᠢ᠌ᠳᠠᠢ ᠰᠢᠷᠭ᠎ᠠ

ᠰᠠᠪᠠᠭ ᠰᠠᠢ᠌ᠳᠠᠢ ᠰᠠᠷᠯᠤᠭ


ᠳᠠᠰᠢᠭᠤ ᠳᠡᠭᠡᠷ᠎ᠡ ᠳᠠᠷᠬᠠᠭᠰᠠᠨ

ᠳᠠᠪᠤᠨ ᠵᠠᠭᠤᠨ ᠳᠠᠪᠢᠨ ᠳᠠᠪᠤᠨ

ᠳᠠᠷᠭᠤᠨ ᠳᠦᠯᠦᠭᠡ ᠪᠠᠢ᠌ᠨ᠎ᠠ

ᠳᠠᠪᠤᠨ ᠵᠠᠭᠤᠨ ᠳᠠᠪᠢᠨ ᠳᠠᠪᠤᠨ

ᠳᠠᠷᠭᠤᠨ ᠳᠦᠯᠦᠭᠡ ᠶᠢ

ᠳᠠᠰᠢᠭᠤ ᠳᠡᠭᠡᠷ᠎ᠡ ᠪᠠᠢ᠌ᠬᠤ

ᠳᠠᠪᠤᠨ ᠵᠠᠭᠤᠨ ᠳᠠᠪᠢᠨ ᠳᠠᠪᠤᠨ

ᠳᠠᠷᠭᠤᠨ ᠳᠦᠯᠦᠭᠡ ᠭᠡᠭᠦ ᠦᠭᠡᠶ

ᠳᠠᠯ᠎ᠠ ᠳᠤ ᠪᠠᠢ᠌ᠬᠤ ᠳᠠᠪᠤᠨ ᠵᠠᠭᠤᠨ

ᠳᠠᠪᠢᠨ ᠳᠠᠪᠤᠨ ᠳᠠᠷᠭᠤᠨ ᠳᠦᠯᠦᠭᠡ ᠭᠡᠭᠦ ᠦᠦ ︖

( ᠨᠢᠭᠡ ᠠᠮᠢᠰᠬᠤᠭ᠎ᠠ ᠪᠠᠷ ᠭᠡᠯᠡᠨ᠎ᠡ )


ᠳᠡᠭ᠍ᠷᠢ ᠳᠡᠭᠡᠷ᠎ᠡ

ᠳᠡᠷᠭᠡᠯ ᠰᠠᠷᠠ

ᠳᠡᠷᠭᠡᠯ ᠨᠠᠭᠤᠷ ᠲᠤ

ᠳᠦᠭᠦᠷᠢᠭ᠌ ᠰᠠᠷᠠ


ᠪᠣᠯᠤᠷ ᠳᠤᠩᠭ᠋ᠠᠯᠠᠭ

ᠪᠣᠯᠠᠭ ᠳᠤᠩᠭ᠋ᠠᠯᠠᠭ

ᠪᠣᠯᠤᠷ ᠪᠣᠯᠠᠭ

ᠪᠦᠷ ᠳᠤᠩᠭ᠋ᠠᠯᠠᠭ


ᠳᠤᠯᠤᠨᠤ ᠶᠢᠨ ᠮᠤᠳᠤᠨ ᠳᠤ

ᠳᠤᠯᠤᠭᠠᠨ ᠳᠤᠯᠤᠨᠤ ᠰᠠᠭᠤᠵᠠᠢ

ᠳᠤᠯᠤᠭᠠᠨ ᠳᠤᠯᠤᠨᠤ ᠨᠢ

ᠳᠤᠯᠤᠭᠤᠯᠠ ᠪᠠᠨ ᠣᠯᠠᠢ᠌ᠵᠠᠢ

ᠳᠤᠪᠣ ᠶᠢ ᠳᠤᠭᠤᠷᠢᠭᠠᠤᠨ

ᠳᠤᠯᠤᠭᠠᠨ ᠳᠤᠳᠠᠷᠠᠢ

ᠳᠤᠯᠤᠭᠠᠨ ᠳᠤᠳᠠᠷᠠᠢ ᠨᠢ ᠳᠤᠯᠤᠭᠤᠯᠠ ᠪᠠᠨ

ᠳᠤᠬᠤ ᠬᠠᠯᠳᠠᠷ ᠳᠤᠳᠠᠷᠠᠢ


ᠴᠠᠭᠠᠨ ᠣᠯᠠᠭᠠᠨ ᠬᠤᠶᠠᠷ ᠳᠤᠩ ᠤᠨ

ᠴᠠᠭᠠᠨ ᠨᠢ ᠶᠠᠭᠠᠨ ᠳᠤᠳᠤᠷ᠎ᠠ ᠲᠡᠶ

ᠣᠯᠠᠭᠠᠨ ᠨᠢ ᠴᠠᠭᠠᠨ ᠳᠤᠳᠤᠷ᠎ᠠ ᠲᠡᠶ


ᠴᠠᠭᠠᠰᠢ ᠪᠠᠨ ᠴᠠᠭᠠᠰᠢ ᠪᠠᠨ ᠭᠡᠭᠦᠯᠡᠷ

ᠴᠠᠭᠠᠰᠢ ᠪᠠᠨ ᠪᠠᠢ᠌ᠬᠤ ᠦᠭᠡᠶ

ᠴᠤᠮᠤ ᠲᠡᠶ ᠴᠠᠢ ᠶᠢ ᠴᠠᠯᠭᠢᠭᠤᠯᠤᠭᠠᠤᠨ

ᠴᠠᠭᠠᠨ ᠴᠠᠮᠴᠠ ᠶᠢ ᠱᠠᠯ ᠨᠤᠷᠭᠠᠪᠠ


ᠵᠢᠯᠤᠭᠤ ᠳᠠᠷᠤᠳᠠᠭ ᠬᠠᠯᠳᠠᠷ

ᠵᠢᠷᠤᠭ᠎ᠠ ᠶᠠᠪᠣᠳᠠᠭ ᠬᠠᠯᠳᠠᠷ

ᠵᠢᠯᠤᠭᠤ ᠳᠠᠷᠤᠳᠠᠭ ᠬᠠᠯᠳᠠᠷ

ᠵᠢᠷᠤᠭ᠎ᠠ ᠶᠠᠪᠣᠳᠠᠭ ᠬᠠᠯᠳᠠᠷ


ᠣᠷᠤᠭ᠎ᠠ ᠬᠠᠷ᠎ᠠ

ᠳᠤᠤᠷ᠎ᠠ ᠪᠠᠨ ᠪᠣᠰᠬᠠᠨ᠎ᠠ

ᠵᠢᠷᠤᠭ᠎ᠠ ᠪᠣᠷᠤ

ᠵᠢᠯᠤᠭᠤ ᠳᠤᠭᠳᠤᠷᠤᠨ᠎ᠠ


(《ᠮᠤᠩᠭ᠋ᠤᠯ ᠬᠡᠦᠬᠡᠳ ᠤᠨ ᠠᠮᠠᠨ ᠵᠤᠬᠢᠶᠠᠯ ᠤᠨ ᠴᠢᠭᠤᠯᠭᠠᠨ》 ᠡᠴᠡ ᠠᠪᠣᠪᠠ )


ᠢᠷᠡᠯᠲᠡ᠄ ᠤᠶᠤᠨᠭᠡᠷᠡᠯ ᠡᠮᠬᠢᠳᠭᠡᠪᠡ
ᠬᠠᠷᠢᠶ᠎ᠠ᠄ ᠰᠤᠶᠤᠯ ᠣᠷᠠᠯᠢᠭ
ᠳᠠᠷᠤᠮ᠄ 7440
ᠴᠠᠭ᠄ 2009 ᠤᠨ ᠤ 12 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ