ᠨᠡᠪᠲᠡᠷᠡᠨ ᠤᠷᠤᠬᠤ
  ᠨᠣᠲᠤᠭ ᠤᠨ ᠵᠠᠮ ᠮᠢᠨᠢ
ᠨᠢᠳᠦ ᠠᠨᠢᠨ ᠨᠤᠢᠷᠰᠤᠬᠤ ᠶᠢᠨ ᠬᠤᠷᠤᠮᠬᠠᠨ
ᠨᠤᠲᠤᠭ ᠤᠨ ᠵᠠᠮ ᠮᠢᠨᠢ ᠨᠡᠳᠡᠪᠡᠯᠵᠡᠭᠡᠳ ᠢᠷᠡᠨ᠎ᠡ
ᠵᠢᠷᠤᠭ ᠰᠢᠬ᠎ ᠵᠢᠷᠪᠢᠯᠵᠡᠨ ᠰᠦᠮᠡᠯᠵᠡᠭᠡᠳ
ᠵᠢᠷᠦᠬᠡ ᠰᠡᠳᠭᠢᠯ ᠳᠦ ᠮᠢᠨᠢ ᠰᠣᠯᠤᠩᠭᠣᠷᠠᠭᠠᠳ ᠢᠷᠡᠨ᠎ᠡ ᠡ︕

ᠪᠠᠭ᠎ᠠ ᠶᠢᠨ ᠦᠶ᠎ᠡ ᠶᠢᠨ ᠢᠨᠢᠶᠡᠳᠦ ᠪᠠ ᠨᠢᠯᠪᠤᠰᠤ ᠪᠠᠨ
ᠪᠤᠷᠣ ᠵᠠᠮ ᠳᠤ ᠪᠠᠨ ᠰᠠᠴᠤᠵᠤ ᠯᠠ ᠶᠠᠪᠤᠯ᠎ᠠ ᠪᠢ
ᠭᠠᠴᠢᠭ ᠪᠠ ᠵᠢᠷᠭᠠᠯᠠᠩ ᠲᠠᠢ ᠤᠷᠳᠦ ᠠᠶᠠᠨ ᠳᠤ ᠪᠠᠨ
ᠭᠠᠰᠢᠭᠤᠨ ᠪᠠ ᠰᠢᠬᠢᠷᠯᠢᠭ᠌ ᠡᠴᠡ ᠠᠮᠲᠠᠯᠠᠵᠤ ᠯᠠ ᠶᠠᠪᠣᠯ᠎ᠠ ᠪᠢ᠃

ᠦᠯᠦᠭᠡᠢ ᠨᠤᠲᠤᠭ ᠤᠨ ᠪᠤᠷᠤᠬᠠᠨ ᠵᠠᠮ ᠴᠤ
ᠦᠨᠢ ᠡᠭᠦᠷᠢᠳᠡ ᠶᠢᠨ ᠤᠯᠠ ᠮᠥᠷ ᠪᠤᠯᠤᠭᠰᠠᠨ
ᠦᠩᠭᠡᠷᠡᠭᠰᠡᠨ ᠦ ᠲᠡᠷᠡ ᠬᠦ ᠰᠢᠷ᠎ᠠ ᠬᠣᠨᠣᠭ ᠤᠳ ᠴᠤ
ᠡᠪᠴᠢᠭᠦᠦ ᠴᠡᠭᠡᠵᠢᠨ ᠦ ᠮᠢᠨᠢ ᠤᠶᠠᠩᠭ᠎ᠠ ᠡᠭᠡᠰᠢᠭ ᠪᠤᠯᠤᠭᠰᠠᠨ︕

ᠤᠷᠠᠩᠬᠠᠢ ᠬᠤᠪᠴᠠᠰᠤ ᠲᠠᠢ ᠦᠶᠡᠷᠬᠡᠭᠰᠡᠨ ᠦᠴᠦᠭᠡᠳᠦᠷᠬᠡᠨ
ᠣᠷᠢᠬᠠᠨ ᠰᠠᠯᠬᠢᠨ ᠢᠶᠠᠷ ᠢᠯᠪᠢᠭᠦᠯᠵᠦ ᠯᠠ ᠠᠶᠠᠯᠠᠯ᠎ᠠ
ᠡᠪᠡᠰᠦ ᠴᠡᠴᠡᠭ ᠲᠠᠢ ᠵᠠᠮ ᠤᠨ ᠢᠶᠠᠨ ᠬᠠᠵᠠᠭᠤ ᠪᠠᠷ
ᠢᠨᠢᠶᠡᠳᠦ ᠪᠠᠷ ᠪᠢᠯᠬᠠᠭᠰᠠᠨ ᠬᠠᠪᠤᠷ ᠢ ᠬᠦᠭᠡᠭᠡᠯ᠎ᠡ᠃

ᠲᠤᠷᠭᠠᠨ ᠲᠡᠪᠡᠯ ᠲᠠᠢ ᠲᠤᠷᠨᠢᠭᠰᠠᠨ ᠦᠨᠦᠳᠦᠷᠬᠡᠨ
ᠲᠤᠯᠠᠭᠠᠬᠠᠨ ᠨᠠᠷᠠᠨ ᠢᠶᠠᠷ ᠲᠠᠭᠠᠯᠠᠬᠠᠭᠤᠯᠵᠤ ᠯᠠ ᠵᠠᠮᠨᠠᠯ᠎ᠠ
ᠴᠠᠷᠳᠠᠮᠠᠯ ᠰᠢᠷᠳᠡᠮᠡᠯ ᠲᠠᠢ ᠵᠠᠮ ᠤᠨ ᠢᠶᠠᠨ ᠲᠡᠷᠭᠡᠳᠡᠭᠦᠷ
ᠴᠡᠩᠭᠡᠯ ᠢᠶᠡᠷ ᠲᠦᠭᠦᠷᠡᠭᠰᠡᠨ ᠨᠠᠮᠤᠷ ᠢ ᠤᠭᠲᠤᠯ᠎ᠠ᠃

ᠰᠣᠯᠤᠩᠭᠠᠷᠠᠨ ᠮᠤᠷᠤᠢᠯᠵᠠᠭᠰᠠᠨ ᠨᠤᠲᠣᠭ ᠤᠨ ᠵᠠᠮ ᠮᠢᠨᠢ
ᠰᠦᠨᠢ ᠶᠢᠨ ᠵᠡᠭᠦᠳᠦᠨ ᠳᠦ ᠦᠨᠢᠲᠡ ᠲᠤᠰᠬᠠᠭᠳᠠᠨ᠎ᠠ
ᠰᠦᠮᠡᠯᠵᠡᠨ ᠨᠡᠲᠡᠪᠡᠯᠵᠡᠭᠰᠡᠨ ᠠᠭᠤᠯᠠ ᠣᠰᠤ ᠮᠢᠨᠢ
ᠰᠡᠳᠭᠢᠯ ᠵᠢᠷᠦᠭᠡᠨ ᠳᠦ ᠡᠭᠦᠷᠢᠳᠡ ᠬᠤᠨᠤᠭᠰᠢᠨ᠎ᠠ ᠡ︕

ᠨᠤᠢᠷ ᠠᠴᠠ ᠰᠡᠷᠡᠵᠦ ᠡᠪᠡᠰᠢᠶᠡᠨ ᠰᠤᠨᠢᠶᠠᠬᠤ ᠶᠢᠨ ᠠᠭᠱᠠᠨ᠎ᠠ
ᠨᠤᠲᠤᠭ ᠤᠨ ᠵᠠᠮ ᠮᠢᠨᠢ ᠵᠤᠷᠠᠢᠭᠠᠳ ᠢᠷᠡᠨ᠎ᠡ
ᠲᠠᠨᠢᠯ ᠲᠠᠰᠤᠯ ᠭᠤᠪᠢ ᠲᠠᠯ᠎ᠠ ᠮᠢᠨᠢ
ᠲᠠᠷᠢᠬᠢ ᠤᠶᠣᠨ ᠳᠤ ᠮᠢᠨᠢ ᠵᠢᠷᠪᠢᠯᠵᠡᠭᠡᠳ ᠢᠷᠡᠨ᠎ᠡ ᠡ︕

ᠵᠤᠬᠢᠶᠠᠭᠴᠢ ᠶᠢᠨ ᠬᠠᠶ᠋ᠢᠭ᠄ ᠵᠠᠯᠠᠢᠳ ᠬᠤᠰᠢᠭᠤᠨ ᠤ ᠠᠷᠪᠠᠠᠭᠡᠷ ᠭᠤᠣᠯ ᠰᠤᠷᠭᠠᠭᠤᠯᠢ

ᠵᠤᠬᠢᠶᠠᠭᠴᠢ᠄ ᠪᠣᠤ ᠵᠢᠨᠵᠣᠸᠠᠩᠽᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 10542
ᠴᠠᠭ᠄ 2023 ᠤᠨ ᠤ 03 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ