ᠨᠡᠪᠲᠡᠷᠡᠨ ᠤᠷᠤᠬᠤ
ᠭᠦᠮᠤᠨ ᠤ ᠰᠠᠨᠠᠭ᠎ᠠ

ᠪᠣᠳᠠᠳᠤ ᠠᠮᠢᠳᠤᠷᠠᠯ ᠤᠨ ᠶᠠᠪᠣᠴᠠ ᠳᠤ ᠣᠯᠠᠩᠭᠢ ᠭᠦᠮᠦᠰ ᠪᠠᠢ᠌ᠬᠤ ᠦᠭᠡᠶ ᠵᠣᠢ᠌ᠯ ᠢ ᠭᠦᠭᠡᠴᠡᠯᠳᠦᠵᠤ᠂ ᠬᠠᠷᠢᠨ ᠨᠢᠳᠤᠨ ᠡᠮᠦᠨᠡᠭᠢ ᠪᠠᠢ᠌ᠬᠤ ᠵᠣᠢ᠌ᠯ ᠶᠢᠡᠨ ᠣᠮᠳᠤᠭᠠᠢ᠌ᠯᠠᠳᠠᠭ᠃ ᠳᠠᠳᠠ ᠠᠯᠤᠰ ᠤᠨ ᠭᠢ ᠶᠢ ᠰᠠᠨᠠᠭᠠᠴᠢᠯᠠᠵᠤ᠂ ᠪᠠᠶ᠎ᠠ ᠶᠢᠨ ᠬᠠᠵᠠᠭᠤ ᠳᠤ ᠪᠠᠢ᠌ᠬᠤ ᠵᠣᠢ᠌ᠯ ᠢ ᠬᠠᠮᠢᠶᠠᠷᠬᠤ ᠦᠭᠡᠶ ᠳᠤᠯᠠ ᠴᠠᠭ ᠲᠤᠬᠢᠶᠠᠯ ᠥᠩᠭᠡᠷᠡᠭᠡᠳ ᠭᠠᠷᠪᠠᠯ ᠰᠠ‍‌ᠶᠢ ᠲᠤᠢ᠌ᠯ ᠶᠢᠡᠷ ᠬᠠᠷᠠᠮᠰᠠᠳᠠᠭ ᠰᠠᠨ᠃ ᠭᠢᠵᠠᠭᠠᠷ ᠦᠭᠡᠶ ᠡᠳ᠋ ᠪᠣᠳᠠᠰ ᠤᠨ ᠳᠠᠯ᠎ᠠ ᠶᠢᠨ ᠭᠦᠭᠡᠴᠡᠯᠳᠦᠯ ᠨᠢ ᠭᠦᠮᠦᠨ ᠢ ᠣᠯᠠᠮ ᠬᠤᠪᠳᠤᠭ ᠰᠢᠨᠤᠬᠠᠢ ᠪᠣᠯᠭᠠᠳᠠᠭ᠂ ᠰᠤᠬᠤᠷ ᠪᠠᠯᠠᠢ ᠭᠦᠭᠡᠴᠡᠯᠳᠦᠯ ᠨᠢ ᠭᠦᠮᠦᠰ ᠤᠨ ᠠᠵᠤ ᠠᠮᠢᠳᠤᠷᠠᠯ ᠳᠤ ᠣᠷᠰᠢᠭ ᠠᠪᠴᠢᠷᠠᠵᠤ ᠥᠭ᠍ᠳᠡᠭ᠌᠃ ᠪᠠᠶᠠᠴᠢ ᠳᠠᠯ᠎ᠠ ᠡᠴᠠ ᠪᠣᠯᠵᠤ᠂ ᠰᠠᠨᠠᠭ᠎ᠠ ᠰᠡᠳᠭᠢᠯ ᠨᠢ ᠡᠷᠡᠭᠦᠯ ᠪᠣᠰᠤ ᠪᠣᠯᠪᠠᠯ ᠭᠦᠮᠦᠰ ᠤᠨ ᠠᠮᠢᠳᠤᠷᠠᠯ ᠤᠨ ᠪᠠᠶᠠᠷ ᠪᠠᠶᠠᠰᠬᠤᠯᠠᠩ ᠢ ᠠᠯᠳᠠᠵᠤ᠂ ᠡᠷᠡᠭᠦᠯ ᠴᠢᠭᠢᠷᠠᠭ ᠴᠠᠭ ᠮᠦᠴᠡ ᠳ᠋ᠠᠭᠢ ᠠᠯᠢ ᠣᠯᠠᠨ ᠠᠮᠵᠢᠯᠳᠠ ᠣᠯᠬᠤ ᠬᠤᠪᠣᠷ ᠴᠤᠬᠠᠭ ᠠᠵᠠ ᠵᠠᠪᠰᠢᠶᠠᠨ ᠢ ᠠᠯᠳᠠᠭᠤᠯᠳᠠᠭ ᠪᠢᠯᠠ᠃ ᠦᠨᠡᠨ ᠳᠡᠭᠡᠨ ᠳᠤᠭᠤᠰᠤᠳᠤ ᠶ‍ᠢᠷᠳᠢᠠᠴᠤ ᠶᠢᠨ ᠨᠠᠷᠢᠨ ᠪᠣᠳᠠᠯᠢᠶᠠᠠᠳᠤ ᠠᠬᠤᠢ ᠠᠮᠢᠳᠤᠷᠠᠯ ᠤᠨ ᠶᠠᠪᠣᠴᠠ ᠳᠤ ᠪᠣᠰᠤᠳ ᠲᠡᠶ ᠠᠳᠠᠭᠠᠷᠬᠤ ᠪᠣᠳᠤᠯ ᠶᠢᠡᠨ ᠳᠠᠪᠴᠢᠵᠤ᠂ ᠦᠪᠡᠷ ᠢ ᠪᠠᠨ ᠭᠦᠩᠭᠡᠪᠴᠢᠯᠡᠭᠦ ᠦᠭᠡᠶ᠂ ᠦᠪᠡᠷ ᠤᠨ ᠳᠤᠷ᠎ᠠ ᠪᠠᠬ᠎ᠠ ᠲᠡᠶ ᠣᠢ᠌ᠯᠠᠰ ᠶᠢᠡᠨ ᠭᠢᠵᠤ ᠶᠠᠪᠣᠬᠤ ᠨᠢ ᠳᠠᠷᠤᠢ ᠲᠤᠢ᠌ᠯ ᠤᠨ ᠤᠳᠬ᠎ᠠ ᠠᠭᠤᠯᠭ᠎ᠠ ᠲᠡᠶ ᠶᠤᠮ᠂ ᠮᠦᠨᠴᠤ ᠡᠨᠡ ᠨᠢ ᠴᠢᠮ᠎ᠠ ᠳᠤ ᠬᠠᠮᠤᠭ ᠳᠤᠭᠢᠷᠠᠭᠰᠠᠨ ᠰᠠᠢ᠌ᠨ ᠠᠮᠢᠳᠤᠷᠠᠬᠤ ᠠᠷᠭ᠎ᠠ ᠪᠣᠯᠠᠢ᠃

ᠠᠳᠠᠯᠢᠬᠠᠨ ᠴᠠᠭ ᠲᠤ ᠠᠬ᠎ᠠ ᠳᠡᠭᠦᠤ ᠬᠤᠶᠠᠭᠤᠯᠠ ᠪᠠᠨ ᠵᠡᠷᠭᠡᠪᠠᠷ ᠴᠤᠩᠬᠤ ᠪᠠᠷ ᠭᠠᠳᠠᠭᠰᠢ ᠪᠣᠷᠤᠭᠠᠨ ᠣᠷᠤᠵᠤ ᠪᠠᠢ᠌ᠬᠤ ᠶᠢ ᠥᠵᠡᠭᠡᠳ ᠠᠬ᠎ᠠ ᠨᠢ᠄ 《ᠪᠠᠰᠠ ᠯᠠ ᠪᠣᠷᠤᠭᠠᠨ ᠣᠷᠤᠵᠤ ᠯᠠ ᠪᠠᠢ᠌ᠨ᠎ᠠ᠂ ᠣᠷᠴᠢᠨ ᠳᠤᠭᠤᠷᠢᠨ ᠪᠦᠷ ᠱᠢᠪᠠᠷ ᠪᠠᠯᠴᠢᠭ ᠪᠣᠯᠵᠠᠢ》 ᠭᠡᠭᠦ ᠳᠤ ᠳᠡᠭᠦᠤ ᠨᠢ ᠬᠠᠷᠢᠨ ᠄ 《ᠪᠣᠷᠤᠭᠠᠨ ᠰᠠᠢ᠌ᠨ ᠣᠷᠤᠪᠠᠯ ᠭᠦᠭᠡ ᠳᠠᠷᠢᠶᠠᠨ ᠳᠤ ᠠᠰᠢᠭᠳᠠᠢ᠂ ᠡᠨᠡ ᠵᠢᠯ ᠤᠨ ᠳᠠᠷᠢᠶ᠎ᠠ ᠪᠠᠰᠠ ᠯᠠ ᠣᠯᠬᠤ ᠪᠠᠢ᠌ᠯᠭᠦᠢ》 ᠭᠡᠵᠡᠢ᠃ ᠭᠡᠯᠡᠯᠭᠡᠨ ᠦᠭᠡᠶ ᠳᠡᠭᠦᠤ ᠶᠢᠨ ᠭᠢᠨᠢ ᠭᠡᠯᠡᠭᠦ ᠥᠭᠡᠨ ᠡᠴᠠ ᠳᠡᠭᠦᠨ ᠤ ᠰᠠᠨᠠᠭ᠎ᠠ ᠰᠡᠳᠭᠢᠯ ᠨᠢ ᠡᠷᠡᠭᠦᠯ ᠪᠠᠢ᠌ᠬᠤ ᠶᠢ ᠦᠵᠡᠨ ᠭᠠᠷᠴᠤ ᠪᠣᠯᠤᠨ᠎ᠠ᠃

ᠠᠳᠠᠯᠢᠬᠠᠨ ᠬᠤᠶᠠᠷ ᠭᠦᠮᠤᠨ ᠤ ᠠᠳᠠᠯᠢᠬᠠᠨ ᠭᠡᠷᠡᠭ᠌ ᠪᠣᠳᠠᠰ ᠲᠤ ᠬᠠᠠᠳᠤᠬᠤ ᠦᠵᠡᠯᠳᠠ ᠨᠢ ᠠᠳᠠᠯᠢ ᠦᠭᠡᠶ᠂ ᠡᠨᠡ ᠨᠢ ᠳᠠᠷᠤᠢ ᠳᠠᠳᠠᠨᠠᠷ ᠤᠨ ᠰᠠᠨᠠᠭ᠎ᠠ ᠰᠡᠳᠭᠢᠯ ᠤᠨ ᠡᠷᠡᠭᠦᠯ ᠪᠠᠢ᠌ᠬᠤ ᠡᠰᠡᠭᠦ ᠡᠴᠠ ᠪᠣᠯᠤᠭᠰᠠᠨ ᠶᠤᠮ᠂ ᠵᠢᠵᠢᠭ᠌ ᠶᠠᠪᠣᠳᠠᠯ ᠡᠴᠠ ᠳᠠᠳᠠ ᠬᠤᠶᠠᠷ ᠤᠨ ᠠᠮᠢᠳᠤᠷᠠᠯ ᠤᠨ ᠦᠵᠡᠯᠳᠠ ᠨᠢ ᠠᠳᠠᠯᠢ ᠦᠭᠡᠶ ᠳᠤᠯᠠ ᠭᠡᠯᠡᠯᠭᠡᠨ ᠦᠭᠡᠶ ᠳᠠᠳᠠ ᠨᠡᠷ ᠤᠨ ᠬᠤᠵᠢᠮ ᠤᠨ ᠠᠮᠢᠳᠤᠷᠠᠯ ᠤᠨ ᠵᠤᠯ ᠵᠢᠷᠭᠠᠯᠳᠠᠢ ᠡᠰᠡᠭᠦ ᠳᠤ ᠰᠠᠨᠠᠭ᠎ᠠ ᠰᠡᠳᠭᠢᠯ ᠤᠨ ᠭᠢᠨ ᠡᠷᠡᠭᠦᠯ ᠪᠣᠰᠤ ᠡᠴᠠ ᠳᠤᠭᠳᠠᠭᠠᠭᠳᠠᠨ᠎ᠠ ᠳ᠋ᠠ ︕ ᠰᠠᠨᠠᠭ᠎ᠠ ᠰᠡᠳᠭᠢᠯ ᠴᠢᠨᠢ ᠡᠷᠡᠭᠦᠯ ᠪᠣᠯᠪᠠᠰᠤ᠂ ᠠᠯᠢᠪᠠ ᠶᠠᠪᠣᠳᠠᠯ ᠣᠷᠤᠭᠰᠢᠳᠠᠢ ᠪᠣᠯᠠᠢ ︕


ᠵᠤᠬᠢᠶᠠᠭᠴᠢ ᠶᠢᠨ ᠬᠠ‍‌ᠶᠢᠭ ᠄ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤᠨ ᠤ ᠭᠠᠠᠵᠤᠭ᠎ᠠ ᠨᠢᠭᠡᠳᠦᠭᠡᠷ ᠦᠨᠳᠦᠷ ᠵᠡᠷᠭᠡ ᠶᠢᠨ ᠳᠤᠮᠳᠠᠳᠤ ᠰᠤᠷᠭᠠᠭᠤᠯᠢ

ᠵᠤᠬᠢᠶᠠᠭᠴᠢ᠄ ᠸ·ᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠡᠷᠡᠭᠦᠯ ᠡᠩᠬᠡ
ᠳᠠᠷᠤᠮ᠄ 15287
ᠴᠠᠭ᠄ 2014 ᠤᠨ ᠤ 03 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ