☆ ᠰ·ᠰᠠᠴᠠᠠᠪᠠᠭᠠᠳᠤᠷ
ᠮᠤᠩᠭ᠋ᠤᠯ ᠤᠨ ᠨᠢᠭᠡᠨ ᠣᠳᠤ
᠊᠊᠊᠊᠊᠊᠊᠊᠊᠊᠊᠊᠊᠊᠊ 《ᠱᠠᠩᠳᠤ ᠭᠡᠢ᠌ᠪᠦᠩ ᠭᠦᠷᠳᠤ ᠪᠠᠯᠭᠠᠰᠤ》 ᠵᠢ ᠣᠩᠰᠢᠭᠠᠤᠨ
ᠰᠢᠷᠠᠪᠵᠠᠮᠰᠤ ᠊᠊᠊᠊᠊᠊᠊᠊᠊᠊᠊᠊᠊᠊᠊ ᠲ᠋ᠤᠠᠳᠠᠷᠠᠰᠢ ᠦᠭᠡᠶ ᠪᠢᠯᠢᠭ᠌ ᠤᠨ ᠳᠠᠯᠠᠢ
ᠱᠠᠰᠳᠢᠷ ᠳᠡᠦᠭᠡᠨ ᠳᠤ ᠡᠯᠪᠠᠭ᠌ ᠪᠦᠳᠦᠭᠡᠯ ᠨᠢ ᠳᠤᠯᠭᠢᠶᠠᠯᠠᠨ᠎ᠠ
ᠱᠠᠩᠳᠤ ᠭᠡᠢ᠌ᠪᠦᠩ ᠭᠦᠷᠳᠤ ᠪᠠᠯᠭᠠᠰᠤ ᠢ ᠳᠤᠯᠢᠳᠠᠭᠠᠤᠨ
ᠰᠢᠷ᠎ᠠ ᠮᠦᠷᠠᠨ ᠣᠢ᠌ᠯᠤᠨ ᠴᠣᠢ᠌ᠯᠤᠨ ᠳᠠᠪᠠᠯᠭᠠᠯᠠᠨ᠎ᠠ
ᠪᠣᠯᠤᠳ ᠪᠢᠷ ᠤᠨ ᠭᠢᠨᠢ ᠬᠤᠷᠴᠠ ᠨᠢ ᠬᠠᠳᠠᠨ ᠪᠠᠭᠠᠳᠤᠷ ᠤᠨ ᠢᠯᠳᠤ
ᠪᠣᠰᠤᠭ᠎ᠠ ᠥᠰᠦᠭ᠌ ᠤᠨ ᠭᠢᠨᠢ ᠭᠦᠡᠳᠤ ᠨᠢ ᠮᠠᠩᠯᠠᠢ ᠸᠠᠩ ᠤᠨ ᠴᠤᠭᠴᠠᠰ
ᠪᠢᠷ ᠤᠨ ᠥᠵᠦᠭᠦᠷ ᠲ᠋ᠤ ᠨᠢ ᠲᠦᠮᠡᠨ ᠠᠭᠳᠠ ᠵᠢᠷᠢᠯᠵᠡᠭᠡᠳ
ᠭᠡᠭᠦᠳᠡᠭ᠌ ᠤᠨ ᠭᠢᠨᠢ ᠳᠤᠳᠤᠷ᠎ᠠ ᠢᠯᠠᠯᠳᠠ ᠶᠢᠨ ᠨᠠᠷᠠᠨ ᠰᠠᠴᠤᠷᠠᠨ᠎ᠠ
ᠪᠦᠷᠳᠡ ᠴᠢᠨ᠋ᠸ᠎ᠠ ᠨᠢ ᠪᠣᠷᠬᠠᠨ ᠬᠠᠯᠳᠤᠨ ᠲᠠᠭᠠᠨ ᠪᠣᠴᠠᠬᠤ ᠨᠢ ᠵᠢᠪᠬᠤᠭᠠᠯᠢᠭ
ᠪᠣᠷᠤᠭᠠᠨ ᠤᠷᠦᠵᠤ᠂ ᠡᠭᠡ ᠭᠠᠵᠠᠷ ᠠᠮᠢᠯᠠᠬᠤ ᠨᠢ ᠰᠡᠷᠭᠦᠯᠡᠩ
ᠭᠦᠭᠡ ᠮᠤᠩᠭ᠋ᠤᠯ ᠤᠨ ᠨᠤᠳᠤᠭ ᠲᠤ ᠪᠢᠯᠢᠭ᠌ ᠤᠨ ᠳᠠᠯᠠᠢ ᠨᠠᠯᠠᠢ᠌ᠵᠤ
ᠭᠦᠭᠡ ᠳᠤᠯᠪᠣᠳᠤ ᠬᠡᠦᠬᠡᠳ ᠤᠨ ᠭᠦᠭᠡᠷᠦᠭᠦᠨ ᠳᠠᠭᠤᠨ ᠴᠤᠤᠷᠢᠶᠠᠳᠤᠨ᠎ᠠ
《ᠠᠠᠵᠢᠰᠤᠨ ᠬᠤᠰᠢᠭᠤᠨ ᠳᠤᠤᠷᠠᠭᠢ ᠦᠪᠣᠷ ᠮᠤᠩᠭ᠋ᠤᠯ ᠤᠨ ᠳᠠᠯ᠎ᠠ ᠨᠤᠳᠤᠭ》
《ᠠᠷᠬᠠᠭ ᠤᠨ ᠬᠠᠷᠠᠩᠭ᠋ᠤᠢ ᠶᠢ ᠠᠷᠢᠯᠭᠠᠭᠴᠢ ᠠᠮᠠᠷᠠᠭ ᠴᠠᠭᠠᠨ ᠣᠰᠤ》
ᠠᠮᠠᠨ ᠡᠴᠠ ᠠᠮᠠᠨ ᠳᠤ ᠡᠡᠮᠳᠡᠯᠠᠭᠳᠡᠬᠤ 《ᠭᠦᠮᠤᠨ ᠶᠠᠰᠤᠳᠤ ᠬᠠᠳᠠ》
ᠠᠰᠢᠳᠠ ᠮᠥᠩᠭᠡᠵᠢᠨ ᠳᠡᠯᠭᠡᠷᠡᠭᠦ ᠡᠷᠳᠡᠨᠢ ᠪᠣᠯᠤᠭᠰᠠᠨ ᠳᠤᠭᠤᠷᠪᠢᠯ ᠤᠳ
ᠵᠠᠭᠤᠨ ᠣᠳᠠ᠂ ᠪᠠᠭᠠᠷᠢᠨ ᠨᠤᠳᠤᠭ ᠡᠴᠠ ᠳᠡᠭᠦᠯᠢᠵᠤ ᠭᠠᠷᠤᠭᠰᠠᠨ ᠪᠦᠷᠭᠦᠤᠨ
ᠵᠠᠭᠤᠨ ᠣᠨ ᠤ ᠭᠠᠴᠢᠶᠠᠯ ᠢ ᠳᠠᠭᠠᠭᠠᠬᠤ ᠳᠠᠢ᠌ᠴᠢᠨ ᠮᠤᠩᠭ᠋ᠤᠯ ᠤᠨ ᠪᠠᠬᠠᠷᠬᠠᠯ
ᠮᠠᠯᠴᠢᠨ ᠲᠦᠮᠡᠨ ᠳᠡᠭᠡᠨ ᠣᠳᠤ ᠨᠢ ᠪᠣᠯᠤᠭᠰᠠᠨ ᠪᠢᠯᠢᠭ᠍ᠳᠡᠨ
ᠮᠠᠷᠺᠰ ᠯᠸᠨᠢᠨ ᠡᠴᠠ ᠬᠤᠵᠢᠭᠤ ᠳᠦᠷᠦᠭ᠍ᠰᠡᠨ ᠨᠢ ᠬᠠᠷᠠᠮᠰᠠᠯ᠃
2011.2.5
ᠵᠤᠬᠢᠶᠠᠭᠴᠢ ᠶᠢᠨ ᠬᠠᠶᠢᠭ ᠄ ᠰᠢᠯᠤᠭᠤᠨ ᠭᠦᠭᠡ ᠶᠢᠨ ᠪᠣᠱᠤᠤᠳᠠᠢ ᠰᠤᠮᠤᠨ ᠤ ᠨᠡᠭᠦᠳᠡᠭᠡᠢ ᠭᠠᠴᠠᠭ᠎ᠠ
ᠵᠤᠬᠢᠶᠠᠭᠴᠢ᠄ ᠰ·ᠰᠠᠴᠠᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2718
ᠴᠠᠭ᠄ 2011 ᠤᠨ ᠤ 02 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ