ᠨᠡᠪᠲᠡᠷᠡᠨ ᠤᠷᠤᠬᠤ
ᠴᠢᠩᠭᠢᠰ ᠬᠠᠭᠠᠨ ᠤ ᠳᠦᠷᠪᠡᠨ ᠬᠠᠳᠤᠨ ᠤ ᠮᠠᠩᠯᠠᠢ ᠊᠊᠊᠊᠊᠊᠊᠊᠊᠊᠊᠊᠊᠊᠊ ᠪᠦᠷᠳᠡ ᠬᠠᠳᠤᠨ

ᠪᠦᠷᠳᠡ ᠬᠠᠳᠤᠨ ᠢ ᠪᠠᠰᠠ ᠪᠦᠷᠳᠡ ᠦᠵᠢᠨ ᠭᠡᠳᠡᠭ᠌᠃ ᠪᠦᠷᠳᠡ ᠪᠣᠯ ᠴᠢᠩᠭᠢᠰ ᠬᠠᠭᠠᠨ ᠤ ᠠᠪᠠᠯᠢ ᠡᠭᠡᠨᠡᠷ᠂ ᠬᠤᠩᠭᠢᠷᠠᠤᠨ ᠠᠢ᠌ᠮᠠᠭ ᠤᠨ ᠳ᠋ᠠᠢ ᠰᠠᠴᠠᠨ ᠤ ᠦᠬᠢᠨ᠃ ᠴᠢᠩᠭᠢᠰ ᠬᠠᠭᠠᠨ ᠤ ᠨᠠᠰᠤᠨ ᠳᠤᠷᠰᠢ ᠶᠢᠨ ᠦᠨᠡᠠᠴᠢ ᠬᠠᠨᠢ᠂ ᠲᠦᠷᠦ ᠶᠢᠨ ᠳᠦᠷᠪᠡᠨ ᠬᠠᠳᠤᠨ ᠤ ᠮᠠᠩᠯᠠᠢ᠂ ᠳᠤᠳᠤᠨᠤ ᠵᠥᠪᠯᠡᠭ᠍ᠴᠢ ᠨᠢ ᠮᠦᠨ᠃ 1161 ᠣᠨ ᠳᠤ ᠮᠠᠠᠳᠤᠯᠠᠵᠤ ᠴᠢᠩᠭᠢᠰ ᠬᠠᠭᠠᠨ ᠡᠴᠡ ᠨᠢᠭᠡ ᠨᠠᠰᠤ ᠠᠬ᠎ᠠ ᠪᠠᠢ᠌ᠵᠤ᠂ ᠴᠠᠭᠠᠭᠴᠢᠨ ᠮᠤᠭᠠᠢ ᠵᠢᠯ ᠲᠡᠶ᠃ 1170 ᠣᠨ ᠳᠤ ᠳᠠᠮᠤᠵᠢᠨ ᠢ ᠶ‍ᠢᠰᠤᠨ ᠨᠠᠰᠤ ᠲᠡᠶ ᠦᠶ᠎ᠡ ᠳᠤ ᠶ‍ᠢᠰᠦᠭᠡᠢ ᠪᠠᠭᠠᠳᠤᠷ ᠡᠴᠢᠭᠡ ᠨᠢ ᠭᠦᠪᠠᠭᠦᠨ ᠶᠢᠡᠨ ᠳᠠᠭᠠᠭᠤᠯᠵᠤ᠂ ᠥᠭᠡᠯᠤᠨ ᠡᠭᠡ ᠶᠢᠨ ᠳᠦᠷᠭᠦᠮ ᠪᠣᠯᠬᠤ ᠣᠯᠬᠤᠨᠤᠳ ᠢᠷᠭᠡᠨ ᠡᠴᠡ ᠦᠬᠢᠨ ᠭᠤᠶᠤᠰᠤ ᠭᠡᠳ ᠶᠠᠪᠣᠵᠠᠢ᠃ ᠶᠠᠪᠣᠭᠰᠠᠭᠠᠷ ᠪᠠᠢ᠌ᠭᠠᠤᠨ ᠴᠡᠭ᠍ᠴᠡᠷ᠂ ᠴᠢᠬᠤᠷᠭᠤ ᠭᠡᠳᠡᠭ᠌ ᠬᠤᠶᠠᠷ ᠭᠠᠵᠠᠷ ᠤᠨ ᠬᠤᠭᠤᠷᠤᠠᠳᠤ ᠭᠦᠷᠴᠤ ᠴᠤᠷᠭᠤ ᠡᠴᠡ ᠮᠤᠷᠢ ᠪᠠᠨ ᠣᠰᠤᠯᠠᠵᠤ ᠪᠠᠢ᠌ᠬᠤ ᠳᠤ ᠬᠤᠩᠭᠢᠷᠠᠤᠨ ᠠᠢ᠌ᠮᠠᠭ ᠤᠨ ᠳ᠋ᠠᠢ ᠰᠠᠴᠠᠨ ᠭᠡᠭ᠍ᠴᠢ ᠲᠡᠶ ᠠᠭᠤᠯᠵᠠᠪᠠ᠃ ᠳ᠋ᠠᠢ ᠰᠠᠴᠠᠨ ᠶ‍ᠢᠰᠦᠭᠡᠢ ᠪᠠᠭᠠᠳᠤᠷ ᠲᠡᠶ ᠣᠴᠠᠷᠠᠵᠤ᠂ ᠭᠦᠪᠠᠭᠦᠨ ᠳᠠᠮᠤᠵᠢᠨ ᠳᠡᠭᠡᠨ ᠪᠠᠷᠢ ᠭᠤᠶᠤᠬᠤ ᠪᠠᠷ ᠶᠠᠪᠣᠵᠤ ᠪᠠᠢ᠌ᠬᠤ ᠶᠢ ᠨᠢ ᠣᠢ᠌ᠯᠠᠭᠠᠵᠤ ᠮᠡᠳᠡᠭᠡᠳ ᠢᠩᠭᠢᠵᠤ ᠭᠡᠯᠡᠵᠡᠢ᠄ 《ᠡᠨᠡ ᠭᠦᠪᠠᠭᠦᠨ ᠴᠢᠨᠢ ᠨᠢᠳᠤᠨ ᠳᠡᠭᠡᠨ ᠭᠠᠯ ᠲᠡᠶ᠂ ᠨᠢᠭᠤᠷ ᠲᠠᠭᠠᠨ ᠭᠡᠷᠡᠯ ᠲᠡᠶ ᠭᠦᠪᠠᠭᠦᠨ ᠪᠣᠶᠤ᠃ ᠪᠢ ᠡᠨᠡ ᠰᠦᠨᠢ ᠴᠠᠭᠠᠨ ᠱᠤᠩᠬᠤᠷ ᠨᠠᠷᠠᠨ ᠰᠠᠷᠠᠨ ᠬᠤᠶᠠᠷ ᠢ ᠠᠳᠬᠤᠨ ᠨᠢᠰᠴᠤ ᠢᠷᠡᠭᠡᠳ ᠮᠢᠨᠤ ᠭᠠᠷ ᠳᠡᠭᠡᠷ᠎ᠡ ᠪᠠᠭᠤᠪᠠ ᠭᠡᠵᠤ ᠵᠡᠭᠦᠳᠦᠯᠡᠪᠡ᠃ ᠨᠠᠷᠠᠨ ᠰᠠᠷᠠᠨ ᠨᠢ ᠥᠵᠡᠭ᠍ᠳᠡᠵᠤ ᠬᠠᠷᠠᠭᠳᠠᠳᠠᠭ ᠪᠣᠯᠪᠠᠴᠤ ᠱᠤᠩᠬᠤᠷ ᠰᠢᠪᠠᠭᠤᠨ ᠠᠳᠬᠤᠨ ᠢᠷᠡᠭ᠍ᠰᠡᠨ ᠨᠢ ᠶᠠᠮᠠᠷ ᠰᠠᠢ᠌ᠨ ᠲᠤᠬᠢᠶᠠᠯ ᠪᠣᠯᠬᠤ ᠪᠣᠶᠤ ᠭᠡᠵᠤ ᠪᠢᠳᠠ ᠭᠡᠯᠡᠯᠴᠡᠵᠡᠭᠡᠭ᠍ᠰᠡᠨ ᠶᠤᠮ᠃ ᠱᠤᠩᠬᠤᠷ ᠰᠢᠪᠠᠭᠤᠨ ᠪᠣᠯ ᠳᠠᠨ ᠤ ᠭᠢᠶᠠᠤᠨ ᠢᠷᠭᠡᠨ ᠤ ᠰᠦᠯᠳᠡ ᠪᠣᠯᠬᠤ ᠳᠤᠯᠠ ᠶ‍ᠢᠰᠦᠭᠡᠢ ᠬᠤᠳᠠ ᠳᠠ ᠭᠦᠪᠠᠭᠦᠨ ᠶᠢᠡᠨ ᠳᠠᠭᠠᠭᠤᠯᠤᠨ ᠢᠷᠡᠭ᠍ᠰᠡᠨ ᠨᠢ ᠡᠨᠡᠭᠦ ᠪᠠᠯᠭᠡ ᠪᠣᠯᠪᠠ》 ᠭᠡᠵᠡᠢ᠃ ᠳ᠋ᠠᠢ ᠰᠠᠴᠠᠨ᠄ 《ᠨᠤᠭᠤᠨ ᠭᠦᠪᠠᠭᠦᠤᠨ ᠨᠤᠳᠤᠭ ᠬᠠᠷᠠᠶᠤ᠂ ᠦᠬᠢᠨ ᠭᠦᠪᠠᠭᠦᠤᠨ ᠥᠩᠭᠡ ᠥᠵᠡᠭ᠍ᠳᠡᠶᠤ᠃ ᠶ‍ᠢᠰᠦᠭᠡᠢ ᠬᠤᠳᠠ︕ ᠭᠡᠷ ᠲᠤ ᠮᠢᠨᠢ ᠣᠳᠤᠶ᠎ᠠ᠂ ᠦᠬᠢᠨ ᠮᠢᠨᠢ ᠥᠴᠦᠭᠦᠭᠡᠨ ᠪᠣᠶᠤ᠂ ᠬᠤᠳᠠ ᠥᠵᠡᠳᠦᠭᠡᠢ︕》 ᠭᠡᠵᠤ ᠭᠡᠷ ᠲᠡᠭᠡᠨ ᠣᠳᠤᠷᠢᠤᠠᠴᠤ ᠪᠠᠭᠤᠯᠭᠠᠪᠠ᠃ ᠶ‍ᠢᠰᠦᠭᠡᠢ ᠪᠠᠭᠠᠳᠤᠷ ᠦᠬᠢᠨ ᠢ ᠦᠵᠡᠪᠠᠯ᠂ ᠨᠢᠭᠤᠷ ᠲᠠᠭᠠᠨ ᠭᠡᠷᠡᠯ ᠲᠡᠶ᠂ ᠨᠢᠳᠤᠨ ᠳᠡᠭᠡᠨ ᠭᠠᠯ ᠲᠡᠶ᠂ ᠭᠤᠸ᠎ᠠ ᠭᠡᠭᠡᠡᠴᠢᠷ᠂ ᠴᠤᠭ ᠵᠢᠪᠬᠤᠯᠠᠩ ᠳᠡᠭᠦᠰ ᠪᠦᠷᠢᠨ ᠳᠤᠯᠠ ᠶ‍ᠢᠰᠦᠭᠡᠢ ᠪᠠᠭᠠᠳᠤᠷ ᠦᠵᠡᠵᠤ ᠰᠠᠨᠠᠭᠠᠨ ᠳ᠋ᠤᠨᠢ ᠨᠠᠢ᠌ᠯᠠᠵᠠᠢ᠃ ᠳᠠᠷᠠ ᠰᠦᠨᠢ ᠬᠤᠨᠤᠵᠤ᠂ ᠮᠠᠷᠭᠠᠰᠢ ᠳ᠋ᠠᠢ ᠰᠠᠴᠠᠨ ᠡᠴᠡ ᠦᠬᠢᠨ ᠢ ᠨᠢ ᠭᠤᠶᠤᠪᠠᠯ᠂ ᠳ᠋ᠠᠢ ᠰᠠᠴᠠᠨ᠄ 《ᠣᠯᠠᠠᠳᠠ ᠭᠤᠶᠤᠭᠤᠯᠵᠤ ᠥᠭ᠍ᠪᠠᠯ ᠳᠡᠭᠡᠵᠢᠯᠡᠭ᠍ᠳᠡᠭᠦ᠂ ᠴᠥᠭᠡ᠊ᠨᠳᠡ ᠭᠤᠶᠤᠭᠤᠯᠵᠤ ᠥᠭ᠍ᠪᠠᠯ ᠳᠤᠷᠤᠮᠵᠢᠯᠠᠭᠳᠠᠬᠤ ᠭᠡᠯ᠎ᠡ᠃ ᠭᠡᠳᠦᠢ ᠳᠠᠢ᠌ᠨ ᠥᠭᠦᠯᠡᠪᠠᠴᠤ ᠦᠬᠢᠨ ᠭᠦᠮᠤᠨ ᠤ ᠵᠠᠶᠠᠭ᠎ᠠ᠂ ᠳᠦᠷᠦᠭ᠍ᠰᠡᠨ ᠡᠭᠦᠳᠡᠨ ᠳᠤ ᠥᠳᠡᠯᠭᠦ ᠦᠭᠡᠶ᠃ ᠪᠢᠳᠠ ᠦᠬᠢᠨ ᠶᠢᠡᠨ ᠥᠭ᠍ᠰᠤ᠃ ᠭᠦᠪᠠᠭᠦᠨ ᠶᠢᠡᠨ ᠮᠦᠨ ᠭᠦᠷᠭᠡᠳ ᠲᠤ ᠳᠠᠯᠪᠢᠵᠤ ᠣᠤᠨ》 ᠭᠡᠵᠡᠢ᠃ ᠢᠩᠭᠢᠵᠤ ᠪᠦᠷᠳᠡ ᠦᠵᠢᠨ ᠪᠣᠯᠤᠨ ᠳᠠᠮᠤᠵᠢᠨ ᠰᠦᠢ᠌ ᠣᠷᠤᠭ ᠳᠤᠭᠳᠠᠵᠠᠢ᠃ 1178 ᠣᠨ ᠳᠤ ᠬᠤᠶᠠᠭᠤᠯᠠ ᠬᠤᠷᠢᠮᠯᠠᠵᠠᠢ᠃ ᠬᠤᠷᠢᠮᠯᠠᠭᠠᠤᠨ ᠳᠠᠮᠠᠢ ᠣᠳᠠᠭᠰᠠᠨ ᠦᠭᠡᠶ ᠪᠦᠷᠳᠡ ᠬᠠᠳᠤᠨ ᠮᠡᠷᠭᠢᠳ ᠲᠤ ᠣᠯᠵᠠᠯᠠᠭᠳᠠᠨ ᠪᠣᠯᠢᠶᠠᠭᠳᠠᠨ ᠣᠴᠢᠵᠤ᠂ ᠮᠡᠷᠭᠢᠳ ᠤᠨ ᠴᠢᠯᠡᠭᠡᠷ ᠪᠦᠭᠡ ᠶᠢᠨ ᠮᠠᠳᠠᠯ ᠳᠤ ᠶ‍ᠢᠰᠤᠨ ᠰᠠᠷ᠎ᠠ ᠭᠠᠷᠤᠢ ᠪᠣᠯᠵᠤ᠂ ᠮᠠᠰᠢ ᠵᠤᠪᠠᠭᠤᠷᠢ ᠵᠥᠳᠡᠭᠦᠷᠢ ᠲᠡᠶ ᠠᠮᠢᠳᠤᠷᠠᠯ ᠢ ᠥᠩᠭᠡᠷᠡᠭᠡᠭ᠍ᠰᠡᠨ ᠪᠠᠢ᠌ᠨ᠎ᠠ᠃ ᠳᠠᠮᠤᠵᠢᠨ ᠤ ᠨᠢᠭᠡ ᠨᠠᠰᠤᠨ ᠤ ᠠᠮᠢᠳᠤᠷᠠᠯ ᠳᠤ ᠪᠦᠷᠳᠡ ᠦᠵᠢᠨ ᠲᠤᠩ ᠴᠢᠬᠤᠯᠠ ᠣᠢ᠌ᠯᠠᠳᠤᠯ ᠥᠵᠡᠭᠦᠯᠦᠭ᠍ᠰᠡᠨ ᠪᠠᠢ᠌ᠳᠠᠭ᠃ ᠳᠠᠷᠠ ᠪᠣᠯ ᠳᠠᠮᠤᠵᠢᠨ ᠳᠤ ᠠᠪᠴᠤ ᠭᠡᠯᠡᠪᠠᠯ ᠥᠨᠡᠭᠡᠷ ᠭᠦᠴᠤᠨ ᠰᠤᠷᠪᠣᠯᠵᠢ ᠶᠢᠨ ᠭᠢᠨᠢ ᠡᠭᠢ ᠢᠷᠠᠯᠳᠠ ᠨᠢ ᠪᠠᠢ᠌ᠯ᠎ᠠ᠃ ᠡᠡᠭ᠌ ᠳᠡᠷᠢᠭᠦᠨ ᠳᠤ᠂ ᠳᠠᠷᠠ ᠳᠠᠮᠤᠵᠢᠨ ᠳᠤ ᠵᠦᠴᠢ᠂ ᠴᠠᠭᠠᠳᠠᠢ᠂ ᠥᠭᠡᠳᠡᠢ᠂ ᠳᠤᠯᠤᠢ ᠳᠦᠷᠪᠡᠨ ᠬᠠᠨ ᠭᠦᠪᠠᠭᠦᠨ ᠲᠦᠷᠦᠵᠤ ᠦᠭ‍ᠭᠦᠭ᠍ᠰᠡᠨ ᠶᠤᠮ᠃ ᠪᠠᠰᠠ ᠷᠠᠰᠢᠳ᠋ ᠤᠨ 《ᠰᠤᠳᠤᠷ ᠤᠨ ᠴᠢᠭᠤᠯᠭᠠᠨ》 ᠊ᠤ ᠳᠡᠮᠳᠡᠭᠯᠡᠯ ᠢ ᠦᠨᠳᠦᠰᠦᠯᠠᠪᠠᠯ᠂ ᠪᠦᠷᠳᠡ ᠡᠴᠡ ᠳᠠᠪᠤᠨ ᠭᠦᠩᠵᠤ ᠲᠡᠶ ᠭᠡᠵᠤ ᠪᠣᠢ᠃ ᠡ᠊ᠨᠳᠡ ᠣᠠᠴᠠᠭᠠᠢ᠌ᠯᠠᠨ ᠵᠢᠭᠠᠵᠤ ᠭᠠᠷᠭᠠᠭᠤᠰᠢᠳᠠᠢ ᠨᠢ ᠪᠦᠷᠳᠡ ᠬᠠᠳᠤᠨ ᠪᠣᠳᠠᠳᠤ ᠣᠢ᠌ᠯᠠ ᠠᠵᠢᠯᠯᠠᠭ᠎ᠠ ᠪᠠᠷ ᠶᠢᠡᠨ ᠳᠠᠮᠤᠵᠢᠨ ᠤ ᠣᠢ᠌ᠯᠠᠰ ᠲᠤ ᠵᠢᠦᠡᠭᠦᠯ ᠥᠵᠡᠭᠦᠯᠦᠭ᠍ᠰᠡᠨ ᠡᠴᠡ ᠥᠨᠡᠭᠡᠷ ᠳᠠᠮᠤᠵᠢᠨ ᠤ ᠬᠠᠵᠠᠭᠤ ᠳ᠋ᠠᠭᠢ ᠭᠤᠤᠯ ᠵᠥᠪᠯᠡᠭ᠍ᠴᠢ ᠨᠢ ᠮᠦᠨ᠃ ᠳᠠᠮᠤᠵᠢᠨ ᠤ ᠰᠠᠮᠭᠠᠷᠳᠠᠵᠤ ᠪᠠᠢ᠌ᠬᠤ ᠵᠠᠩᠭᠢᠯᠠᠭ᠎ᠠ ᠶᠢᠨ ᠦᠶ᠎ᠡ ᠳᠤ ᠣᠳᠠᠭ᠎ᠠ ᠪᠦᠷᠢ ᠪᠦᠷᠳᠡ ᠬᠠᠳᠤᠨ ᠰᠤᠷᠭᠤᠭ ᠶᠢᠠᠷ ᠬᠤᠯᠠ ᠶᠢᠨ ᠬᠠᠷᠠᠴᠠ ᠲᠡᠶ ᠪᠠᠷ ᠵᠠᠮ ᠮᠦᠷ ᠢ ᠨᠢ ᠵᠢᠠᠭᠠᠵᠤ ᠦᠭ‍ᠭᠦᠭ᠍ᠰᠡᠨ ᠪᠠᠢ᠌ᠳᠠᠭ᠃ ᠡᠨᠡ ᠨᠢ ᠳᠠᠮᠤᠵᠢᠨ ᠤ ᠢᠷᠡᠭᠡᠳᠦᠢ ᠶᠢᠨ ᠣᠢ᠌ᠯᠠᠰ ᠲᠤ ᠮᠠᠰᠢ ᠴᠢᠬᠤᠯᠠ ᠰᠢ᠌ᠳᠪᠦᠷᠢᠯᠡᠭ᠍ᠴᠢ ᠣᠢ᠌ᠯᠠᠳᠤᠯ ᠥᠵᠡᠭᠦᠯᠵᠡᠢ᠃


ᠴᠢᠩᠭᠢᠰ ᠬᠠᠭᠠᠨ ᠤ ᠣᠩᠭ᠋ᠤᠨ ᠤ ᠳᠠᠭᠢᠯᠭ᠎ᠠ ᠰᠤᠶᠤᠯ ᠤᠨ ᠠᠯᠪᠠᠨ ᠭᠡᠷ

ᠵᠤᠬᠢᠶᠠᠭᠴᠢ᠄ ᠰᠡᠴᠡᠡᠪᠢᠯᠢᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠮᠤᠩᠭᠤᠯ ᠲᠡᠦᠬᠡ
ᠳᠠᠷᠤᠮ᠄ 7448
ᠴᠠᠭ᠄ 2009 ᠤᠨ ᠤ 04 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ