ᠨᠡᠪᠲᠡᠷᠡᠨ ᠤᠷᠤᠬᠤ
ᠦᠳᠡᠰᠢ ᠶᠢᠨ ᠳᠠᠯᠠᠪᠣᠷ

ᠵᠢᠭᠠᠯ ᠪᠠᠭᠠᠴᠤᠳ ᠣᠷᠤᠯᠳᠤᠭᠠᠤᠨ

          ᠵᠢᠷᠦᠭᠡ ᠰᠡᠳᠭᠢᠯ ᠣᠪᠣᠯᠵᠠᠮ᠎ᠠ

ᠵᠠᠭᠠᠯ ᠪᠣᠭᠤᠷᠤᠯᠴᠤᠳ ᠪᠦᠵᠢᠭᠯᠡᠭᠡᠳ

          ᠵᠤᠯ ᠵᠢᠷᠭᠠᠯ ᠪᠢᠯᠬᠠᠮ᠎ᠠ

ᠵᠠᠯᠠᠭᠤ ᠭᠡᠦᠭᠡᠡᠴᠦᠦᠯ ᠮᠢᠰᠢᠯᠵᠡᠭᠡᠳ

          ᠨᠢᠳᠤᠨ ᠤ ᠬᠤᠷᠤᠬᠠᠢ ᠭᠦᠳᠡᠯᠭᠡᠮ᠎ᠡ

ᠵᠠᠮ ᠤᠨ ᠭᠦᠮᠦᠰ ᠰᠢᠷᠳᠡᠭᠡᠳ

          ᠭᠦᠯ ᠣᠯᠠ ᠪᠠᠨ ᠠᠯᠳᠠᠮ᠎ᠠ

ᠭᠡᠩᠭᠡᠷᠭᠡ ᠴᠠᠩ ᠣᠳᠤᠭᠢᠴᠢ ᠭᠦᠭ᠍ᠵᠢᠮ

          ᠴᠢᠭᠢᠨ ᠰᠤᠨᠤᠷ ᠲᠦᠩᠭᠢᠨᠠᠮ᠎ᠠ

ᠭᠡᠭᠡᠡᠴᠢᠷ ᠵᠢᠷᠤᠭ ᠥᠩᠭᠡᠳᠤ ᠳ᠋ᠸᠩ

          ᠬᠡᠦᠬᠡᠳ ᠤᠨ ᠦᠯᠢᠭᠡᠷ ᠢ ᠪᠣᠳᠤᠭᠳᠠᠭᠤᠯᠤᠮ᠎ᠠ

ᠬᠤᠳᠠ ᠭᠠᠵᠠᠷ ᠤᠨ ᠵᠤᠭ᠎ᠠ ᠴᠡᠩᠭᠡᠯ

          ᠲ᠋ᠤᠷ᠎ᠠ ᠭᠦᠰᠡᠯ ᠢ ᠪᠣᠯᠢᠶᠠᠮ᠎ᠠ

ᠬᠤᠩᠭ᠋ᠤᠷ ᠭᠡᠦᠭᠡᠨ ᠶᠢᠡᠨ ᠰᠤᠭᠤᠳᠠᠨ ᠠᠯᠬᠤᠭᠠᠤᠨ

          ᠬᠠᠷᠢᠬᠤ ᠴᠠᠭ ᠶᠢᠡᠨ ᠮᠠᠷᠳᠠᠮ᠎ᠠ᠃


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠲᠦᠰᠢᠶᠠᠳᠤ

ᠵᠤᠬᠢᠶᠠᠭᠴᠢ᠄ ᠡᠰᠨᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 12220
ᠴᠠᠭ᠄ 2013 ᠤᠨ ᠤ 07 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ