ᠨᠡᠪᠲᠡᠷᠡᠨ ᠤᠷᠤᠬᠤ
ᠳᠤᠮᠳᠠᠳᠤ ᠰᠤᠷᠭᠠᠭᠤᠯᠢ ᠶᠢᠨ ᠵᠤᠬᠢᠶᠠᠨ ᠪᠢᠴᠢᠯᠭᠡ ᠶᠢᠨ ᠭᠢᠴᠢᠶᠠᠯ ᠤᠨ ᠨᠢᠭᠡ ᠴᠠᠭ ᠤᠨ ᠭᠢᠴᠢᠶᠡᠯᠯᠡᠭᠡ ᠶᠢᠨ ᠺᠤᠨ᠋ᠰᠫᠧᠺᠲ᠋


ᠵᠢᠭᠠᠬᠤ ᠠᠩᠭᠢ᠄ 129 131 ᠳ᠋ᠤᠭᠡᠷ ᠠᠩᠭᠢ

ᠬᠤᠶᠠᠳᠤᠭᠠᠷ ᠭᠢᠴᠢᠶᠠᠯ ᠤᠨ ᠴᠠᠭ      ᠲ᠋ᠦᠷᠪᠠᠳᠦᠭᠡᠷ ᠭᠢᠴᠢᠶᠠᠯ ᠤᠨ ᠴᠠᠭ

2009 ᠣᠨ ᠤ 11 ᠰᠠᠷ᠎ᠠ ᠶᠢᠨ 24 ᠊ᠤ ᠡᠳᠤᠷ

ᠭᠢᠴᠢᠶᠡᠯᠯᠡᠭ᠍ᠴᠢ᠄ ᠬᠤᠰᠢᠭᠤᠨ ᠤ ᠵᠢᠭᠠᠬᠤ ᠶᠢ ᠰᠤᠳᠤᠯᠬᠤ ᠳᠠᠰᠤᠭ ᠤᠨ ᠷᠢᠠᠴᠢᠨ

ᠭᠢᠴᠢᠶᠠᠯ ᠤᠨ ᠭᠠᠷᠴᠠᠭ᠄ ᠵᠤᠬᠢᠶᠠᠨ ᠪᠢᠴᠢᠯᠭᠡ ᠊᠊᠊᠊᠊᠊᠊᠊᠊᠊᠊᠊᠊᠊᠊   ᠭᠡᠷᠡᠭ᠌ ᠣᠴᠢᠷ ᠢ ᠳᠡᠮᠳᠡᠭᠯᠡᠭᠦ

ᠨᠢᠭᠡ᠂ ᠵᠢᠭᠠᠬᠤ ᠰᠤᠷᠬᠤ ᠮᠡᠳᠡᠯᠭᠡ ᠶᠢᠨ ᠬᠠᠷᠠᠯᠳᠠ᠄

ᠲ᠋ᠡᠮᠳᠡᠭᠯᠡᠨ ᠳᠤᠭᠠᠴᠢᠭᠰᠠᠨ ᠵᠤᠬᠢᠶᠠᠯ ᠳᠤ ᠰᠠᠳᠤᠪ ᠤᠨ ᠭᠤᠤᠯᠳᠠᠯᠭ᠎ᠠ ᠲᠡᠶ ᠬᠤᠯᠪᠣᠭᠳᠠᠯᠳᠤ ᠵᠣᠢ᠌ᠯ ᠢ ᠳᠡᠯᠭᠡᠷᠡᠩᠭᠦᠢ ᠪᠢᠴᠢᠵᠤ ᠬᠤᠯᠪᠣᠭᠳᠠᠯ ᠪᠠᠭ᠎ᠠ ᠵᠣᠢ᠌ᠯ ᠢ ᠳᠤᠪᠴᠢ ᠪᠢᠴᠢᠭᠦᠯᠵᠤ ᠰᠤᠷᠭᠠᠨ᠎ᠠ᠃

ᠬᠤᠶᠠᠷ᠂ ᠵᠢᠭᠠᠬᠤ ᠰᠤᠷᠬᠤ ᠴᠢᠳᠠᠪᠣᠷᠢ ᠶᠢᠨ ᠬᠠᠷᠠᠯᠳᠠ ᠄

ᠰᠤᠷᠤᠭᠴᠢᠳ ᠳᠡᠮᠳᠡᠭᠯᠡᠨ ᠳᠤᠭᠠᠴᠢᠭᠰᠠᠨ ᠵᠤᠬᠢᠶᠠᠯ ᠳᠤ ᠨᠢᠭᠡᠨ ᠭᠡᠷᠡᠭ᠌ ᠣᠴᠢᠷ ᠢ ᠪᠦᠷᠢᠨ ᠭᠦᠢᠴᠡᠳ᠂ ᠳᠠᠰ ᠳᠠᠷᠠᠭ᠎ᠠ ᠳᠤᠳᠤᠷᠬᠠᠢ ᠵᠤᠬᠢᠶᠠᠮᠵᠢᠯᠠᠨ᠂ ᠣᠬᠤᠷ ᠠᠪᠰᠠᠷᠬᠠᠨ ᠴᠢᠨᠠᠷᠯᠢᠭ ᠪᠢᠴᠢᠵᠤ ᠰᠤᠷᠬᠤ ᠳᠠᠰᠢ ᠭᠦᠳᠦᠯᠤᠨ ᠵᠢᠯᠤᠭᠤᠳᠤᠨ᠎ᠠ᠃

ᠭᠤᠷᠪᠠ᠂ ᠣᠯᠭᠤᠬᠤ ᠭᠦᠮᠦᠵᠢᠯ ᠤᠨ ᠬᠠᠷᠯᠠᠳᠠ᠄

ᠰᠤᠷᠤᠭᠴᠢ ᠪᠦᠷᠢ ᠪᠠᠷ ᠪᠠᠭᠰᠢ ᠶᠢᠨ ᠣᠢ᠌ᠯᠠ ᠠᠵᠢᠯᠯᠠᠭ᠎ᠠ ᠶᠢ ᠳᠡᠮᠳᠡᠭᠯᠡᠨ ᠳᠤᠭᠠᠴᠢᠭᠰᠠᠨ ᠣᠬᠤᠷ ᠵᠤᠬᠢᠶᠠᠯ ᠪᠢᠴᠢᠭᠦᠯᠭᠦ ᠪᠠᠷ ᠳᠠᠮᠵᠢᠭᠤᠯᠤᠨ ᠳᠠᠳᠠᠨ ᠳᠤ ᠪᠠᠭᠰᠢ ᠠᠬᠠᠮᠠᠤᠨ ᠶᠢᠡᠨ ᠭᠦᠡᠳᠦᠳᠭᠡᠨ ᠬᠠᠢ᠌ᠷᠠᠯᠠᠬᠤ ᠭᠦᠮᠦᠵᠢᠯ ᠭᠦᠷᠳᠡᠭᠡᠨ᠎ᠡ᠃

ᠳᠦᠷᠪᠠ᠂ ᠵᠢᠭᠠᠬᠤ ᠰᠤᠷᠬᠤ ᠠᠷᠭ᠎ᠠ᠄

ᠪᠠᠭᠰᠢ ᠶᠢᠨ ᠭᠦᠳᠦᠯᠤᠨ ᠵᠢᠯᠤᠭᠤᠳᠤᠯᠭ᠎ᠠ ᠪᠠᠷ ᠰᠤᠷᠤᠭᠴᠢ ᠨᠢᠭᠡᠪᠦᠷᠢ ᠪᠠᠷ ᠨᠢᠭᠡ ᠬᠤᠪᠢ ᠭᠦᠮᠤᠨ ᠢ ᠳᠡᠮᠳᠡᠭᠯᠡᠨ ᠭᠡᠷᠡᠭ᠌ ᠣᠴᠢᠷ ᠢ ᠳᠤᠭᠠᠴᠢᠭᠰᠠᠨ ᠣᠬᠤᠷ ᠵᠤᠬᠢᠶᠠᠯ ᠪᠢᠴᠢᠭᠦᠯᠤᠨ᠎ᠡ᠃ ᠰᠤᠷᠤᠭᠴᠢᠳ ᠪᠠᠶ᠎ᠠ ᠪᠠᠨ ᠳᠠᠭᠠᠭᠠᠵᠤ ᠪᠢᠴᠢᠨ᠎ᠡ᠃

ᠲ᠋ᠠᠪᠣ᠂ ᠵᠢᠭᠠᠬᠤ ᠪᠠᠭᠠᠵᠢ᠄ ᠭᠢᠴᠢᠶᠠᠯ ᠤᠨ ᠳᠠᠪᠳᠠᠷ᠂ ᠣᠸ᠎ᠠ ᠶᠢᠨ ᠪᠢᠷ

           ᠵᠢᠭᠠᠬᠤ ᠶᠠᠪᠣᠴᠠ᠄

ᠭᠠᠷᠴᠠᠭ᠄ ᠵᠤᠬᠢᠶᠠᠨ ᠪᠢᠴᠢᠯᠭᠡ - ᠭᠡᠷᠡᠭ᠌ ᠣᠴᠢᠷ ᠢ ᠳᠡᠮᠳᠡᠭᠯᠡᠭᠦ

1. ᠭᠢᠴᠢᠶᠠᠯ ᠡᠮᠭᠢᠯᠡᠭᠦ᠄   (3 ᠮᠢᠨᠦ᠋ᠲ)

      ᠮᠠᠨ ᠤ ᠰᠤᠷᠴᠤ ᠥᠩᠭᠡᠷᠡᠭ᠍ᠰᠡᠨ ᠶᠠᠮᠠᠷ ᠶᠠᠮᠠᠷ ᠭᠢᠴᠢᠶᠠᠯ ᠳᠤ ᠭᠡᠷᠡᠭ᠌ ᠣᠴᠢᠷ ᠢ ᠳᠡᠮᠳᠡᠭᠯᠡᠭ᠍ᠰᠡᠨ ᠪᠣᠢ︖

       《ᠳᠠᠮᠤᠵᠢᠨ ᠤ ᠪᠠᠭ᠎ᠠ ᠨᠠᠰᠤ》᠂    《ᠲᠦᠮᠡᠠᠨᠠᠰᠤᠳᠤ ᠭᠤᠸᠠᠢ》    《ᠵᠢᠷᠦᠭᠡᠨ ᠤ ᠭᠢᠯᠢᠩ》

2. ᠰᠢᠨ᠎ᠡ ᠭᠢᠴᠢᠶᠠᠯ

      ᠵᠤᠭᠢᠶᠠᠨ ᠪᠢᠴᠢᠯᠭᠡ - ᠭᠡᠷᠡᠭ᠌ ᠣᠴᠢᠷ ᠢ ᠳᠡᠮᠳᠡᠭᠯᠡᠭᠦ

(ᠨᠢᠭᠡ)  ᠲ᠋ᠡᠮᠳᠡᠭᠯᠡᠨ ᠳᠤᠭᠠᠴᠢᠭᠰᠠᠨ ᠵᠤᠬᠢᠶᠠᠯ ᠳᠤ ᠶᠠᠮᠠᠷ ᠶᠠᠮᠠᠷ ᠵᠢᠷᠭᠤᠭᠠᠨ ᠠᠨᠢᠰᠤ ᠪᠠᠢ᠌ᠳᠠᠭ ᠪᠢᠯᠠ︖

ᠭᠡᠷᠡᠭ᠌ ᠣᠴᠢᠷ ᠤᠨ ᠡᠭᠦᠰᠦᠭ᠍ᠰᠡᠨ ᠴᠠᠭ᠂ ᠭᠠᠵᠠᠷ ᠣᠷᠤᠨ᠂ ᠬᠤᠯᠪᠣᠭᠳᠠᠬᠤ ᠭᠦᠮᠤᠨ᠂ ᠰᠢᠯᠳᠠᠭᠠᠨ᠂   ᠥᠩᠭᠡᠷᠡᠯᠳᠡ᠂ ᠦᠷ᠎ᠡ ᠳ᠋ᠦ᠋ᠩ (ᠵᠢᠷᠭᠤᠭᠠᠨ ᠠᠨᠢᠰᠤ ᠪᠠᠢ᠌ᠳᠠᠭ)

ᠪᠠᠭᠰᠢ᠄ ᠳᠡᠮᠳᠡᠭᠯᠡᠨ ᠳᠤᠭᠠᠴᠢᠭᠰᠠᠨ ᠵᠤᠬᠢᠶᠠᠯ ᠳᠤ ᠡᠨᠡᠭᠦ ᠵᠢᠷᠭᠤᠭᠠᠨ ᠠᠨᠢᠰᠤ ᠶᠢ ᠵᠤᠬᠢᠶᠠᠯ ᠤᠨ ᠰᠠᠳᠤᠪ ᠤᠨ ᠱᠠᠭᠠᠷᠳᠠᠯᠭ᠎ᠠ ᠶᠢ ᠦᠨᠳᠦᠰᠦᠯᠠᠵᠤ ᠰᠤᠩᠭ᠋ᠤᠯᠳᠠ ᠲᠡᠶ ᠪᠢᠴᠢᠨ᠎ᠡ᠃ ᠡᠨᠠ ᠵᠢᠷᠭᠤᠭᠠᠨ ᠠᠨᠢᠰᠤ ᠶᠢ ᠳᠠᠰ ᠳᠠᠷᠠᠭᠠᠠᠯᠠᠨ ᠵᠢᠭᠰᠠᠭᠠᠨ ᠪᠢᠴᠢᠵᠤ ᠪᠣᠯᠬᠤ ᠦᠭᠡᠶ᠃ ᠮᠠᠨ ᠤ ᠦᠨᠦᠳᠤᠷ ᠤᠨ ᠰᠤᠷᠴᠤ ᠪᠠᠢ᠌ᠭ᠎ᠠ 《ᠭᠡᠷᠡᠭ᠌ ᠣᠴᠢᠷ ᠢ ᠳᠡᠮᠳᠡᠭᠯᠡᠭᠦ》 ᠪᠣᠯ ᠳᠠᠷᠤᠢ ᠮᠠᠨᠤᠰ ᠤᠨ ᠪᠢᠴᠢᠭᠦ ᠭᠡᠵᠤ ᠪᠠᠢ᠌ᠭ᠎ᠠ ᠳᠡᠮᠳᠡᠭᠯᠡᠨ ᠳᠤᠭᠠᠴᠢᠭᠰᠠᠨ ᠵᠤᠬᠢᠶᠠᠯ ᠤᠨ ᠰᠠᠳᠤᠪ ᠮᠦᠨ᠃ ᠡᠨᠡᠭᠦ ᠳᠤᠭᠳᠠᠭᠰᠠᠨ ᠰᠠᠳᠤᠪ ᠤᠨ ᠰᠠᠭᠤᠷᠢᠨ ᠳᠡᠭᠡᠷ᠎ᠡ 《ᠭᠡᠯᠡ ᠪᠢᠴᠢᠭ᠌ ᠤᠨ ᠪᠠᠭᠰᠢ ᠠᠩᠬᠠᠨ ᠤ ᠪᠠᠭᠰᠢ᠂ ᠮᠢᠨᠤ ᠪᠢᠰᠢᠷᠠᠯᠳᠠᠢ ᠪᠠᠭᠰᠢ) ᠮᠠᠳᠤ ᠪᠠᠷ ᠦᠭ‍ᠭᠦᠭ᠍ᠳᠡᠭ᠍ᠰᠡᠨ ᠭᠠᠷᠴᠠᠭ ᠶᠢᠡᠷ ᠳᠡᠮᠳᠡᠭᠯᠡᠨ ᠳᠤᠭᠠᠴᠢᠭᠰᠠᠨ ᠣᠬᠤᠷ ᠵᠤᠬᠢᠶᠠᠯ ᠪᠢᠴᠢᠨ᠎ᠡ᠃

(ᠬᠤᠶᠠᠷ)  ᠰᠠᠮᠪᠠᠷ᠎ᠠ ᠳᠤ᠄    《(  ) ᠪᠠᠭᠰᠢ》 ᠪᠢᠴᠢᠨ᠎ᠡ᠃

ᠪᠠᠭᠰᠢ ᠭᠡᠭᠦ ᠳᠤ 《(  ) ᠪᠠᠭᠰᠢ》 ᠭᠡᠰᠡᠨ ᠥᠭᠡ ᠶᠢᠨ ᠳᠡᠭᠡᠷ᠎ᠡ ᠳᠠᠯ᠎ᠠ ᠳᠤ ᠳᠠᠩ ᠥᠭᠡ ᠪᠣᠶᠤ ᠬᠤᠯᠪᠣᠭ᠎ᠠ ᠥᠭᠡ (ᠲ᠋ᠤᠳᠤᠤᠠᠬᠠᠯ ᠥᠭᠡ) ᠬᠠᠳᠠᠵᠤ᠂ ᠪᠢᠴᠢᠭᠦ ᠵᠤᠬᠢᠶᠠᠯ ᠶᠢᠡᠨ ᠭᠠᠷᠴᠠᠭᠯᠠᠨ᠎ᠠ

(ᠭᠤᠷᠪᠠ)  ᠭᠠᠷᠴᠠᠭ ᠶᠢᠡᠨ ᠳᠡᠭᠡᠷᠡᠭᠢ ᠮᠠᠳᠤ ᠦᠪᠠᠰᠤᠪᠠᠨ ᠳᠤᠭᠳᠠᠭᠠᠬᠤ ᠳᠤ ᠳᠠᠯᠪᠢᠭᠳᠠᠬᠤ ᠱᠠᠭᠠᠷᠳᠠᠯᠭ᠎ᠠ ᠪᠣᠯ᠄             

〈1〉 ᠠᠮᠢᠳᠤᠷᠠᠯ ᠤᠨ ᠦᠨᠡᠨ ᠪᠣᠳᠠᠳᠠᠢ ᠲᠡᠶ ᠣᠶᠠᠯᠳᠤᠭᠤᠯᠤᠨ᠎ᠠ᠃

ᠪᠠᠭᠰᠢ ᠶᠢᠨ ᠳᠤᠬᠠᠢ ᠦᠪᠡᠷ ᠤᠨ ᠥᠵᠡᠭ᠍ᠰᠡᠨ ᠰᠤᠨᠤᠰᠤᠭᠰᠠᠨ ᠳᠦᠷᠦᠭ᠍ᠳᠡᠯ ᠰᠠᠭᠤᠭᠳᠠᠯ ᠶᠢᠡᠨ ᠳᠡᠮᠳᠡᠭᠯᠡᠨ ᠳᠤᠭᠠᠴᠢᠵᠤ ᠦᠪᠡᠷ ᠤᠨ ᠦᠨᠡᠨ ᠰᠡᠳᠬᠢᠯᠭᠡ᠂ ᠪᠣᠳᠠᠳᠠᠢ ᠣᠢ᠌ᠯᠠᠭᠠᠯᠳᠠ ᠪᠠᠨ ᠴᠢᠯᠦᠭᠡᠳᠡᠢ ᠢᠯᠡᠷᠡᠭᠦᠯᠤᠨ ᠪᠢᠴᠢᠨ᠎ᠠ᠂   ᠬᠤᠭᠤᠰᠤᠨ ᠥᠭᠡ ᠭᠡᠯᠡᠵᠤ ᠪᠣᠯᠬᠤ ᠦᠭᠡᠶ᠃       

〈2〉 ᠰᠤᠷᠤᠭᠰᠠᠨ ᠭᠢᠴᠢᠶᠠᠯ ᠲᠡᠶ ᠪᠠᠨ ᠨᠢᠭᠳᠠ ᠤᠶᠠᠯᠳᠤᠭᠤᠯᠤᠨ᠎ᠠ᠃   ᠡᠷᠭᠡᠪᠰᠢ ᠭᠠᠷᠴᠠᠭ ᠨᠢ ᠠᠭᠤᠯᠭ᠎ᠠ ᠪᠠᠨ ᠣᠨᠤᠵᠤ ᠠᠭᠤᠯᠭ᠎ᠠ ᠨᠢ ᠭᠠᠷᠴᠠᠭ ᠲᠡᠶ ᠪᠠᠨ ᠨᠡᠢ᠌ᠴᠡᠭ᠍ᠰᠡᠨ ᠪᠠᠢ᠌ᠬᠤ ᠭᠡᠷᠡᠭ᠍ᠳᠡᠢ᠃ ᠵᠤᠬᠢᠶᠠᠯ ᠣᠬᠤᠷ ᠠᠪᠰᠠᠷᠬᠠᠨ᠂ ᠦᠵᠡᠯᠳᠠ ᠵᠤᠷᠢᠯᠳᠠ ᠵᠦᠪ᠂ ᠭᠡᠯᠡᠯᠭᠡ ᠣᠷᠤᠰᠤᠮ᠎ᠠ ᠪᠠᠢ᠌ᠬᠤ᠂ ᠭᠦᠨ ᠰᠠᠭᠤᠭᠳᠠᠯ ᠲᠡᠶ ᠭᠡᠷᠡᠭ᠌ ᠣᠴᠢᠷ ᠢ ᠰᠤᠩᠭ᠋ᠤᠨ ᠪᠢᠴᠢᠭ᠍ᠰᠡᠨ ᠪᠠᠢ᠌ᠬᠤ ᠭᠡᠷᠡᠭ᠍ᠳᠡᠢ᠃

〈3〉 ᠵᠤᠬᠢᠶᠠᠯ ᠤᠨ ᠰᠠᠳᠤᠪ ᠤᠨ ᠭᠤᠤᠯᠳᠠᠯᠭ᠎ᠠ ᠶᠢ ᠳᠤᠪᠣᠢ᠌ᠯᠭᠠᠨ᠎ᠠ᠃

ᠲ᠋ᠡᠮᠳᠡᠭᠯᠡᠨ ᠳᠤᠭᠠᠴᠢᠭᠰᠠᠨ ᠵᠤᠬᠢᠶᠠᠯ ᠤᠨ ᠰᠠᠳᠤᠪ ᠲᠤ ᠬᠤᠯᠪᠣᠭᠳᠠᠯ ᠲᠡᠶ ᠵᠣᠢ᠌ᠯ ᠢ ᠳᠡᠯᠭᠡᠷᠡᠩᠭᠦᠢ ᠪᠢᠴᠢᠵᠤ ᠬᠤᠯᠪᠣᠭᠳᠠᠯ ᠪᠠᠭ᠎ᠠ ᠵᠣᠢ᠌ᠯ ᠢ ᠳᠤᠪᠴᠢ ᠪᠢᠴᠢᠨ᠎ᠠ᠃

(ᠲ᠋ᠦᠷᠪᠠ) 〈4〉 ᠦᠭ‍ᠭᠦᠭ᠍ᠳᠡᠭ᠍ᠰᠡᠨ ᠭᠠᠷᠴᠠᠭ ᠤᠨ ᠪᠢᠴᠢᠭᠦ ᠱᠠᠭᠠᠷᠳᠠᠯᠭ᠎ᠠ ᠪᠠ ᠭᠦᠷᠢᠶ᠎ᠡ ᠭᠡᠪᠴᠢᠶ᠎ᠡ ᠶᠢ ᠵᠢᠷᠤᠮᠯᠠᠨ ᠳᠠᠭᠠᠨ᠎ᠠ᠃           

ᠦᠭ‍ᠭᠦᠭ᠍ᠳᠡᠭ᠍ᠰᠡᠨ ᠭᠠᠷᠴᠠᠭ ᠶᠠᠷᠤᠨᠢ ᠵᠤᠬᠢᠶᠠᠯ ᠤᠨ ᠪᠠᠶ᠎ᠠ᠂ ᠮᠠᠲ᠋ᠸᠷᠢᠶᠠᠯ᠂ ᠠᠭᠤᠯᠭ᠎ᠠ᠂ ᠳᠢᠭ᠌ ᠮᠠ‍‌ᠶᠢᠭ᠂ ᠴᠠᠭ ᠬᠤᠭᠤᠴᠠᠭ᠎ᠠ᠂ ᠭᠠᠵᠠᠷ ᠣᠷᠤᠨ᠂ ᠵᠤᠬᠢᠶᠠᠯ ᠤᠨ ᠪᠠᠭᠠᠳᠤᠷ ᠵᠡᠷᠭᠡ ᠶᠢ ᠭᠢᠵᠠᠭᠠᠷᠯᠠᠨ ᠳᠤᠳᠤᠷᠬᠠᠢ᠌ᠯᠠᠭᠰᠠᠨ ᠪᠠᠢ᠌ᠳᠠᠭ᠃   

ᠪᠠᠭᠰᠢ᠄   (ᠪᠠᠭᠰᠢ ᠶᠢᠨ ᠳᠤᠪᠴᠢᠬᠠᠨ ᠶᠠᠷᠢᠬᠤ ᠪᠠᠷ ᠭᠤᠤᠯᠳᠠᠭᠤᠯᠤᠨ᠎ᠠ)

《ᠮᠢᠨᠤ ᠪᠢᠰᠢᠷᠠᠯᠳᠠᠢ ᠪᠠᠭᠰᠢ》 ᠭᠡᠰᠡᠨ ᠭᠠᠷᠴᠠᠭ ᠶᠢᠡᠷ ᠦᠵᠡᠪᠠᠯ᠂ ᠡᠨᠠ ᠨᠢ ᠨᠢᠳᠤ ᠪᠠᠷ ᠶᠢᠡᠨ ᠦᠵᠡᠵᠤ ᠴᠢᠭᠢ ᠪᠠᠷ ᠶᠢᠡᠨ ᠰᠤᠨᠤᠰᠤᠭᠰᠠᠨ ᠪᠣᠶᠤ ᠪᠠᠶ᠎ᠠ ᠪᠠᠷ ᠶᠢᠡᠨ ᠥᠩᠭᠡᠷᠡᠭᠦᠯᠦᠭ᠍ᠰᠡᠨ ᠶᠠᠮᠠᠷ ᠨᠢᠭᠡᠨ ᠭᠡᠷᠡᠭ᠌ ᠣᠴᠢᠷ ᠢ ᠳᠡᠮᠳᠡᠭᠯᠡᠨ ᠳᠤᠭᠠᠴᠢᠭᠤᠯᠬᠤ ᠭᠡᠵᠤ ᠪᠠᠢ᠌ᠭ᠎ᠠ ᠨᠢ ᠳᠤᠩ ᠢᠯᠡᠷᠭᠡᠢ ᠪᠠᠢ᠌ᠨ᠎ᠠ᠃ ᠡᠨᠡ ᠭᠠᠷᠴᠠᠭ ᠨᠢ ᠳᠡᠮᠳᠡᠭᠯᠡᠨ ᠳᠤᠭᠠᠴᠢᠭᠰᠠᠨ ᠵᠤᠬᠢᠶᠠᠯ ᠪᠣᠯᠬᠤ ᠶᠢ ᠳᠤᠳᠤᠷᠠᠭᠤᠯᠤᠭᠰᠠᠨ ᠪᠦᠭᠡᠳ 《ᠮᠢᠨᠤ ᠪᠢᠰᠢᠷᠠᠯᠳᠠᠢ》 ᠭᠡᠳᠡᠭ᠌ ᠨᠢ ᠦᠪᠡᠷ ᠤᠨ ᠰᠡᠳᠭᠢᠭ᠍ᠳᠡᠯ ᠳᠦᠷᠦᠭ᠍ᠳᠡᠯ ᠪᠠᠢ᠌ᠬᠤ ᠶᠤᠰᠤᠳᠠᠢ ᠳᠤᠯᠠ ᠳᠤᠰ ᠵᠤᠬᠢᠶᠠᠯ ᠢ ᠨᠢᠭᠡᠳᠦᠭᠡᠷ ᠪᠠᠶ᠎ᠠ ᠪᠠᠷ ᠪᠢᠴᠢᠭᠦ ᠶᠢ ᠳᠤᠭᠳᠠᠭᠠᠵᠠᠢ᠃

ᠠᠭᠤᠯᠭ᠎ᠠ ᠶᠢᠨ ᠳᠠᠯ᠎ᠠ ᠡᠴᠡ ᠦᠵᠡᠪᠠᠯ᠂ ᠪᠢᠰᠢᠷᠠᠯᠳᠠᠢ ᠡᠰᠡᠭᠦ ᠨᠢ ᠵᠤᠭᠢᠬᠤ ᠴᠠᠭ ᠢ ᠥᠩᠭᠡᠷᠡᠭᠦᠯᠦᠭ᠍ᠰᠡᠨ ᠤ ᠳᠠᠷᠠᠭ᠎ᠠ ᠪᠣᠯᠬᠤ ᠦᠷ᠎ᠡ ᠳ᠋ᠦ᠋ᠩ ᠳᠤᠯᠠ ᠳᠡᠮᠳᠡᠭᠯᠡᠨ ᠳᠤᠭᠠᠴᠢᠭᠤᠯᠬᠤ ᠭᠡᠵᠤ ᠪᠠᠢ᠌ᠭ᠎ᠠ ᠭᠡᠷᠡᠭ᠌ ᠣᠴᠢᠷ ᠨᠢ ᠨᠢᠭᠡᠨᠲᠡ ᠭᠠᠷᠤᠭᠠᠤᠨ ᠥᠩᠭᠡᠷᠡᠭ᠍ᠰᠡᠨ ᠭᠡᠷᠡᠭ᠌ ᠣᠴᠢᠷ ᠪᠠᠢ᠌ᠬᠤ ᠶᠤᠰᠤᠳᠠᠢ᠃ ᠡᠨᠠ ᠨᠢ ᠴᠢᠨᠤ ᠪᠣᠶᠤ ᠳᠡᠭᠦᠨ ᠤ ᠣᠷᠮ᠎ᠠ ᠶᠢ ᠭᠦᠭ᠍ᠵᠢᠭᠡᠭ᠍ᠰᠡᠨ ᠪᠣᠯᠬᠤᠷ ᠪᠢᠰᠢᠷᠠᠯᠳᠠᠢ ᠭᠡᠳᠡᠭ᠌ ᠢ ᠳᠠᠮ ᠮᠡᠳᠡᠭ᠍ᠳᠡᠭ᠍ᠰᠡᠨ ᠪᠠᠢ᠌ᠨ᠎ᠠ᠃ ᠡᠨᠠ ᠪᠣᠯ ᠮᠠᠲ᠋ᠸᠷᠢᠶᠠᠯ ᠡᠰᠭᠡᠯᠳᠡ ᠶᠢᠨ ᠣᠯᠤᠰ ᠳᠦᠷᠤ ᠶᠢᠨ ᠪᠠᠷᠢᠮᠵᠢᠶ᠎ᠠ ᠶᠢ ᠳᠤᠭᠳᠠᠭᠠᠵᠠᠢ᠃    《ᠪᠠᠭᠰᠢ》 ᠭᠡᠳᠡᠭ᠌ ᠨᠢ ᠰᠠᠳᠤᠪ ᠤᠨ ᠮᠠᠲ᠋ᠸᠷᠢᠶᠠᠯ ᠤᠨ ᠣᠤᠠᠬ᠎ᠠ ᠠᠭᠤᠯᠭ᠎ᠠ ᠶᠢᠨ ᠢᠳᠠᠪᠭᠢᠳᠠᠢ ᠪᠠᠢ᠌ᠬᠤ ᠭᠡᠰᠡᠨ ᠰᠠᠨᠠᠭ᠎ᠠ ᠶᠢ ᠯᠠᠪᠰᠢᠷᠠᠭᠤᠯᠤᠨ ᠳᠤᠷᠠᠳᠴᠤ 《ᠪᠢᠰᠢᠷᠠᠯᠳᠠᠢ》 ᠭᠡᠳᠡᠭ᠌ ᠶᠢᠡᠨ ᠣᠯᠠᠨ ᠳᠤᠪᠣᠢ᠌ᠯᠭᠠᠵᠤ ᠳᠠᠢ᠌ᠯᠤᠨ᠎ᠡ᠃

〈5〉 ᠭᠠᠷᠴᠠᠭ ᠤᠨ ᠭᠡᠯᠡᠨ ᠵᠦᠢ᠌ ᠶᠢᠨ ᠠᠭᠤᠯᠭ᠎ᠠ ᠡᠴᠡ ᠨᠢ ᠠᠪᠴᠤ ᠦᠵᠡᠪᠠᠯ᠄   (ᠲ᠋ᠤᠬᠠᠢ ᠶᠢᠨ ᠪᠠᠢ᠌ᠳᠠᠯ ᠢ ᠦᠵᠡᠵᠤ ᠶᠠᠷᠢᠯᠴᠠᠬᠤ ᠡᠰᠡᠭᠦ ᠪᠠᠨ ᠳᠤᠭᠳᠠᠭᠠᠨ᠎ᠠ )

ᠵᠠᠷᠢᠮ ᠨᠢ ᠳ᠋ᠠᠩ ᠥᠭᠡ ᠪᠠᠷ ᠪᠦᠳᠦᠵᠤ ᠵᠠᠷᠢᠮ ᠨᠢ ᠬᠤᠯᠪᠣᠭ᠎ᠠ ᠥᠭᠡ ᠪᠠ ᠥᠭᠦᠯᠡᠪᠦᠷᠢ ᠡᠴᠡ ᠪᠦᠳᠦᠭ᠍ᠰᠡᠨ ᠪᠠᠢ᠌ᠳᠠᠭ᠃ ᠭᠡᠭᠦ ᠳᠡᠭᠡᠨ ᠶᠠᠭᠤᠨ ᠤ ᠡᠮᠤᠨ᠎ᠡ ᠭᠠᠷᠴᠠᠭ ᠪᠣᠶᠤ ᠰᠠᠳᠤᠪ ᠲᠤ ᠭᠤᠤᠯ ᠥᠭᠡ ᠪᠠ ᠡᠵᠡᠨ ᠪᠠᠶ᠎ᠠ ᠶᠢ ᠡᠷᠢᠨ ᠭᠠᠷᠭᠠᠵᠤ ᠵᠤᠬᠢᠶᠠᠯ ᠤᠨ ᠭᠤᠤᠯᠳᠠᠯᠭ᠎ᠠ ᠪᠠᠨ ᠳᠤᠪᠣᠢ᠌ᠯᠭᠠᠬᠤ ᠳᠤ ᠥᠢᠯᠡᠴᠢᠯᠡᠭᠦᠯᠭᠦ ᠭᠡᠷᠡᠭ᠍ᠳᠡᠢ᠃

3. (1)   《(  ) ᠪᠠᠭᠰᠢ》 ᠭᠡᠰᠡᠨ ᠦᠭ‍ᠭᠦᠭ᠍ᠳᠡᠭ᠍ᠰᠡᠨ ᠭᠠᠷᠴᠠᠭ ᠲᠤ ᠥᠭᠡ ᠬᠠᠳᠠᠵᠤ ᠪᠠᠭᠰᠢ ᠶᠢᠨ ᠣᠢ᠌ᠯᠠ ᠶᠠᠪᠣᠳᠠᠯ ᠦᠨᠡᠨ ᠠᠵᠢᠯᠯᠠᠭ᠎ᠠ ᠶᠢ ᠳᠡᠮᠳᠡᠭᠯᠡᠨ ᠳᠤᠭᠠᠴᠢᠭᠰᠠᠨ ᠨᠢᠭᠡ ᠬᠤᠪᠢ ᠣᠬᠤᠷ ᠵᠤᠬᠢᠶᠠᠯ ᠪᠢᠴᠢ (31 ᠮᠢᠨᠦ᠋ᠲ)

(2) ᠭᠢᠴᠢᠶᠠᠯ ᠤᠨ ᠳᠠᠪᠳᠠᠷ ᠤᠨ 111 ᠳ᠋ᠦᠭᠡᠷ ᠨᠢᠭᠤᠷ ᠢ ᠨᠡᠭᠡᠭᠡ᠃

      ᠪᠣᠳᠠᠳᠤ ᠱᠠᠭᠠᠷᠳᠠᠯᠭ᠎ᠠ ᠶᠢ ᠦᠵᠡ︕

ᠦᠨᠡᠨ ᠣᠴᠢᠷ ᠢ ᠪᠢᠴᠢᠭᠦ ᠭᠡᠷᠡᠭ᠍ᠳᠡᠢ᠃ ᠭᠡᠷᠡᠭ᠌ ᠣᠴᠢᠷ ᠤᠨ ᠡᠭᠦᠰᠦᠭ᠍ᠰᠡᠨ ᠴᠠᠭ ᠬᠤᠭᠤᠴᠠᠭ᠎ᠠ᠂ ᠭᠠᠵᠠᠷ ᠣᠷᠤᠨ᠂ ᠬᠤᠯᠪᠣᠭᠳᠠᠬᠤ ᠭᠦᠮᠤᠨ᠂ ᠰᠢᠯᠳᠠᠭᠠᠨ᠂ ᠥᠩᠭᠡᠷᠡᠯᠳᠡ᠂ ᠦᠷ᠎ᠡ ᠳ᠋ᠦ᠋ᠩ ᠵᠡᠷᠭᠡ ᠶᠢ ᠳᠤᠳᠤᠷᠬᠠᠢ ᠳᠤᠰᠢᠶᠠᠬᠤ ᠭᠡᠷᠡᠭ᠍ᠳᠡᠢ᠃   ᠬᠤᠯᠪᠤᠭᠳᠠᠯ ᠲᠡᠶ ᠵᠣᠢ᠌ᠯ ᠢ ᠳᠡᠯᠭᠡᠷᠡᠩᠭᠦᠢ ᠪᠢᠴᠢᠵᠤ ᠬᠤᠯᠪᠣᠭᠳᠠᠯ ᠶᠢᠡᠷ ᠪᠠᠭ᠎ᠠ ᠵᠣᠢ᠌ᠯ ᠢ ᠳᠤᠪᠴᠢ ᠪᠢᠴᠢᠨ᠎ᠡ᠃   

ᠪᠢᠴᠢᠯᠭᠡ ᠶᠢᠨ ᠱᠠᠭᠠᠷᠳᠠᠯᠭ᠎ᠠ᠄ ᠪᠣᠯᠤᠳ ᠪᠢᠷ ᠶᠢᠡᠷ ᠴᠠᠪᠠᠷ ᠳᠡᠭ᠍ᠰᠢ ᠵᠦᠪ ᠳᠦᠷᠭᠡᠪᠳᠦᠷ ᠪᠢᠴᠢᠨ᠎ᠠ᠃   (ᠪᠠᠭᠰᠢ ᠳᠠᠯᠪᠢᠭᠰᠠᠨ ᠱᠠᠭᠠᠷᠳᠠᠯᠭ᠎ᠠ)

4. ᠭᠢᠴᠢᠶᠠᠯ ᠪᠠᠭᠤᠶ᠎ᠠ

      


ᠵᠤᠬᠢᠶᠠᠭᠴᠢ ᠶᠢᠨ ᠬᠠ‍‌ᠶ‍ᠢᠭ ᠄ ᠣᠯᠠᠭᠠᠠᠴᠠᠪ ᠬᠤᠳᠠ ᠶᠢᠨ ᠳᠦᠷᠪᠠᠤᠨ ᠬᠤᠰᠢᠭᠤᠨ ᠤ ᠰᠤᠷᠭᠠᠨ ᠭᠦᠮᠦᠵᠢᠯ ᠤᠨ ᠳᠤᠪᠴᠢᠶ᠎ᠠ ᠶᠢᠨ ᠵᠢᠭᠠᠬᠤ ᠶᠢ ᠰᠤᠳᠤᠯᠬᠤ ᠳᠠᠰᠤᠭ

ᠵᠤᠬᠢᠶᠠᠭᠴᠢ᠄ ᠪᠠ᠊·ᠷᠢᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 2920
ᠴᠠᠭ᠄ 2010 ᠤᠨ ᠤ 10 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ