ᠨᠡᠪᠲᠡᠷᠡᠨ ᠤᠷᠤᠬᠤ
ᠰᠢᠪᠠᠭᠤᠨ ᠤ ᠰᠡᠭᠦᠳᠡᠷ

ᠠᠷᠪᠠᠨ ᠵᠢᠷᠭᠤᠭᠠᠳᠠᠢ ᠳᠠᠷᠠ ᠵᠢᠯ ᠤᠨ ᠵᠤᠨ ᠤ ᠰᠡᠭᠦᠯ ᠭᠡᠵᠤ ᠣᠳᠤ ᠪᠣᠳᠤᠬᠤᠯᠠᠷ ᠴᠤ ᠳᠤᠡᠭ ᠰᠠᠶ‍ᠢᠬᠠᠨ ᠤ ᠭᠡᠷᠡᠭ᠌ ᠮᠠᠳᠤ ᠪᠠᠢ᠌ᠯ᠎ᠠ ᠁

ᠣᠠᠳᠠᠭᠰᠠᠨ ᠰᠢᠪᠠᠭᠤᠨ ᠤ ᠵᠢᠭᠦᠷ ᠭᠢᠰᠭᠢᠮᠠᠷ ᠡᠷᠳᠡᠯᠡᠨ ᠮᠤᠷᠳᠠᠭᠰᠠᠨ ᠶᠠᠩᠵᠢᠨ ᠪᠢᠳᠠ ᠬᠤᠶᠠᠷ ᠬᠠᠳᠤᠯᠠᠩ ᠤᠨ ᠰᠦᠯ ᠳᠤ ᠳᠤᠭᠳᠠᠭᠰᠠᠨ ᠪᠣᠯᠤᠷ ᠰᠢᠭᠦᠳᠡᠷᠢ ᠪᠣᠳᠠᠷᠭᠠᠨ ᠭᠠᠯᠭᠢᠭᠤᠯᠤᠭᠰᠠᠭᠠᠷ ᠡᠷᠳᠡ ᠶᠢᠨ ᠨᠠᠷᠠᠨ ᠢ ᠣᠭᠳᠤᠯ᠎ᠠ ᠃

ᠳᠡᠷᠭᠡᠯ ᠣᠯᠠᠭᠠᠨ ᠨᠠᠷᠠ ᠠᠭᠤᠯᠠ ᠡᠭᠦᠯᠡ ᠬᠤᠶᠠᠷ ᠤᠨ ᠵᠠᠪᠰᠠᠷ ᠡᠴᠡ ᠪᠦᠯᠢᠶᠡᠨ ᠰᠢᠭᠦᠳᠡᠷᠢ ᠪᠠᠨ ᠰᠡᠭ᠍ᠰᠡᠷᠦᠭ᠍ᠰᠡᠭᠡᠷ ᠪᠣᠰᠴᠤ ᠂ ᠳᠠᠯ᠎ᠠ ᠶᠢᠨ ᠭᠦᠨ ᠳᠤ ᠳᠦᠷᠦᠭᠡ ᠬᠠᠷᠰᠢᠭᠤᠯᠤᠨ ᠶᠠᠪᠣᠭ᠎ᠠ ᠶᠠᠩᠵᠢᠨ ᠪᠢᠳᠠ ᠬᠤᠶᠠᠷ ᠢ ᠵᠥᠭᠡᠯᠡᠨ ᠳᠤᠶᠠᠭ᠎ᠠ ᠪᠠᠷ ᠶᠢᠡᠨ ᠢᠯᠪᠢᠨ ᠬᠤᠴᠢᠪᠠ ᠃

ᠦᠨᠳᠦᠷ ᠣᠷᠭᠤᠭᠰᠠᠨ ᠨᠤᠭᠤᠭᠠᠨ ᠤ ᠰᠦᠯ ᠳᠦᠷᠦᠭᠡ ᠰᠢᠭᠦᠷᠴᠤ ᠰᠢᠷ ᠰᠢᠷ ᠭᠢᠯᠭᠡᠨ ᠂ ᠬᠠᠶᠠ ᠪᠣᠳᠠᠨ ᠤ ᠣᠭ ᠡᠴᠡ ᠢᠳᠤᠭᠤ ᠪᠦᠳᠦᠨ᠎ᠡ 《ᠫᠦᠷ》 ᠭᠢᠨ ᠥᠷᠭᠦᠵᠤ ᠮᠤᠷᠢᠤᠨ ᠤᠨ ᠭᠦᠯ ᠢ ᠠᠯᠳᠠᠭᠤᠯᠤᠨ᠎ᠠ ᠃

ᠶᠠᠩᠵᠢᠨ ᠠᠪᠣ ᠶᠢᠨ ᠶᠢᠡᠨ ᠵᠢᠷᠤᠭ᠎ᠠ ᠰᠠᠷᠠᠯ ᠢ ᠣᠨᠤᠵᠤ ᠂ ᠭᠦᠨ ᠨᠤᠭᠤᠭᠠᠨ ᠶᠦᠳᠠᠩ ( ᠪᠣᠷᠢᠶᠠᠤᠨ ᠵᠤᠨ ᠤ ᠮᠠᠯᠠᠭᠠᠢ ) ᠵᠢᠡᠨ ᠡᠷᠡᠤᠪᠴᠢᠯᠡᠨ ᠣᠶᠠᠵᠤ ᠂ ᠭᠦᠷᠡᠩ ᠴᠤᠪᠠ ᠡᠮᠦᠰᠴᠡᠢ ᠃ ᠠᠭᠤᠵᠢᠮᠬᠠᠨ ᠰᠠᠭᠤᠳᠠᠯ ᠲᠡᠶ ᠪᠠᠷᠭᠤ ᠡᠮᠡᠭᠡᠯ ᠳᠡᠭᠡᠷ᠎ᠡ ᠳᠠᠰᠢᠶᠠᠯᠳᠤᠨ ᠳᠠᠷᠤᠵᠤ ᠰᠠᠭᠤᠭᠰᠠᠨ ᠠᠭᠠᠤᠨ ᠮᠤᠷᠢᠨ ᠤ ᠪᠠᠨ ᠵᠥᠭᠡᠯᠡᠨ ᠶᠠᠪᠣᠳᠠᠯ ᠤᠨ ᠠᠶᠠᠰ ᠶᠢᠡᠷ ᠪᠠᠯᠭᠡᠭᠦᠰᠤ ᠨᠢᠷᠤᠭᠤ ᠪᠠᠷ ᠶᠢᠡᠨ ᠦᠯᠦ ᠮᠡᠳᠡᠭ᠌ ᠶᠢᠡᠷ ᠨᠠᠭᠢᠯᠵᠠᠭᠤᠯᠤᠨ ᠶᠠᠪᠣᠬᠤ ᠨᠢ ᠨᠢᠳᠤᠨ ᠳᠤ ᠠᠶᠠᠳᠠᠢ᠌ᠬᠠᠨ ᠪᠠᠢ᠌ᠯ᠎ᠠ ᠃

ᠡᠷᠡᠮᠡᠭ᠌ ᠬᠤᠪᠴᠠᠰᠤᠯᠠᠭᠰᠠᠨ ᠠᠳᠠᠯ᠎ᠠ ᠰᠢᠮ᠎ᠠ ᠰᠢᠭᠦᠰᠤ ᠪᠦᠷᠢᠦᠡᠴᠤ ᠡᠭᠢᠯᠡᠭ᠍ᠰᠡᠨ ᠪᠠᠶ᠎ᠠ ᠭᠠᠯᠪᠢᠷ ᠢ ᠨᠢᠭᠤᠵᠤ ᠶᠠᠳᠠᠨ ᠨᠢᠳᠤ ᠪᠣᠯᠢᠶᠠᠨ ᠶᠠᠪᠣᠭ᠎ᠠ ᠡᠨᠡ ᠶᠠᠩᠵᠢᠨ ᠣᠷᠴᠢᠮ ᠡᠴᠡ ᠯᠠ ᠨᠠᠳᠠᠳᠤ ᠭᠦᠢᠰᠤ ᠥᠭᠡᠷ᠎ᠡ ᠭᠡᠳᠡᠭ᠌ ᠶᠢᠡᠨ ᠮᠡᠳᠡᠷᠡᠭᠦᠯᠵᠤ ᠡᠭᠢᠯᠡᠭ᠍ᠰᠡᠨ ᠪᠢᠯᠠ ᠃

ᠡᠵᠢ ᠨᠠᠮᠠᠶ᠋ᠢ ᠳᠠᠭᠠᠭᠤᠯᠵᠤ ᠠᠪᠣ ᠶᠢᠨ ᠭᠡᠵᠤ ᠮᠤᠷᠳᠠᠵᠤ ᠣᠴᠢᠭᠰᠠᠨ ᠤ ᠳᠠᠷᠠᠭᠠᠬᠠᠨ ᠡᠳᠦᠷ ᠂ ᠠᠪᠣ ᠶᠢᠨ ᠡᠭᠡᠴᠢ ᠶᠢᠨ ᠭᠢᠨᠢ ᠭᠡᠵᠤ ᠰᠠᠭᠠᠬᠠᠯᠳᠠ ᠠᠢ᠌ᠯ ᠤᠨ ᠨᠠᠳᠠ ᠡᠴᠡ ᠰᠠᠷ᠎ᠠ ᠪᠠᠷ ᠶᠢᠡᠨ ᠡᠭᠡᠴᠢ ᠂ ᠮᠤᠬᠤᠷ ᠳᠤᠯᠤᠭᠠᠢ ᠲᠡᠶ᠂ ᠵᠤᠦᠪᠠᠡᠭ᠌ ᠰᠢᠷ᠎ᠠ ᠨᠢᠳᠤ ᠲᠡᠶ ᠨᠢᠰᠤᠬᠠᠢ ᠦᠬᠢᠨ ᠢᠷᠠᠵᠤ ᠨᠢᠰᠤ ᠪᠣᠯᠤᠭᠰᠠᠨ ᠨᠣᠢ᠌ᠳᠠᠨ ᠬᠤᠷᠤᠳ ᠶᠢᠡᠨ ᠡ᠊ᠮᠳᠡᠯᠠᠵᠤ ᠨᠠᠳᠠ ᠦᠭ‍ᠭᠦᠭᠡᠤᠨ ᠨᠠᠢ᠌ᠵᠠ ᠪᠣᠯᠤᠭᠰᠠᠨ ᠨᠢ ᠶᠠᠭ ᠡᠨᠡ ᠶᠠᠩᠵᠢᠨ ᠪᠠᠢ᠌ᠭᠰᠠᠨ ᠶᠤᠮ ᠃

ᠪᠢᠳᠠᠨ ᠤ ᠬᠠᠪᠢᠴᠠᠭ᠎ᠠ ᠥᠭᠡᠷ᠎ᠡ ᠠᠢ᠌ᠯ ᠦᠭᠡᠶ᠂ ᠬᠤᠶᠠᠷ ᠭᠡᠷ ᠮᠢᠨᠢ ᠳᠠᠩᠳᠠ ᠯᠠ ᠬᠠᠶᠠᠭ᠎ᠠ ᠬᠠᠶᠠᠭ᠎ᠠ ᠪᠠᠨ ᠲᠦᠰᠢᠨ ᠪᠠᠭᠤᠳᠠᠭ ᠪᠠᠢ᠌ᠭᠰᠠᠨ ᠡᠴᠡ ᠪᠢᠳᠠ ᠬᠤᠶᠠᠷ ᠭᠡᠨ ᠭᠡᠨ ᠶᠢᠡᠨ ᠶᠠᠷᠤ ᠨᠢ ᠰᠠᠶ‍ᠢᠬᠠᠨ ᠪᠣᠯᠳᠠᠯ᠎ᠠ ᠭᠦᠤ ᠶᠤᠮ ᠦᠦ᠂ ᠭᠡᠦᠭᠡᠨ ᠶᠤᠮ ᠦᠦ ᠭᠡᠵᠤ ᠢᠯᠭᠠᠵᠤ ᠪᠣᠳᠤᠭ᠎ᠠ ᠦᠭᠡᠶ ᠶᠠᠪᠣᠵᠤ ᠢᠷᠠᠵᠠᠢ ᠃ ᠬᠠᠷᠢᠨ ᠰᠤᠷᠭᠠᠭᠤᠯᠢ ᠳᠤ ᠶᠠᠪᠣᠵᠤ ᠢᠷᠡᠭᠡᠤᠨ ᠨᠢᠭᠡ ᠮᠡᠳᠡᠭᠦᠯᠡᠷ ᠶᠠᠩᠵᠢᠨ ᠮᠢᠨᠢ ᠣᠪᠣᠭ᠎ᠠ ᠭᠦᠭᠡᠷᠦᠭᠦᠨ ᠂ ᠪᠠᠶ᠎ᠠ ᠭᠠᠯᠪᠢᠷ ᠭᠦᠢᠴᠡᠭ᠍ᠰᠡᠨ ᠪᠣᠰᠤᠭ᠎ᠠ ᠭᠡᠦᠭᠡᠨ ᠪᠣᠯᠴᠢᠬᠠᠵᠤ ᠪᠠᠬᠠᠨ ᠥᠭᠡᠷ᠎ᠡ ᠪᠠᠷ ᠬᠠᠷᠠᠭᠳᠠᠬᠤ ᠪᠣᠯᠤᠭᠰᠠᠨ ᠴᠤ ᠮᠠᠨ ᠤ ᠬᠤᠭᠤᠷᠤᠠᠳᠤ ᠡᠷᠡᠭᠡ ᠵᠢᠷᠤᠭ᠎ᠠ ᠰᠠᠭᠤᠵᠤ ᠠᠮᠵᠢᠭ᠎ᠠ ᠦᠭᠡᠶ ᠨᠢ ᠭᠠᠢ᠌ᠬᠠᠮᠠᠷ ᠴᠤ ᠪᠢᠰᠢ ᠡ ᠃

ᠶᠠᠩᠵᠢᠨ ᠵᠤᠦᠪᠠᠡᠭ᠌ ᠰᠢᠷ᠎ᠠ ᠨᠢᠳᠤ ᠪᠠᠨ ᠰᠡᠢ᠌ᠮᠡᠢ᠌ᠯᠭᠡᠨ ᠂ ᠵᠡᠷᠭᠡᠯᠭᠡᠨ ᠨᠠᠭᠠᠤᠠᠬᠤ ᠠᠯᠤᠰ ᠳᠠᠰᠢ ᠶᠠᠭᠤ ᠨᠢᠭᠡ ᠶᠢ ᠪᠣᠳᠤᠯᠭᠠᠰᠢᠷᠠᠨ ᠬᠠᠷᠠᠵᠤ ᠳᠤᠭᠣᠢ᠌ᠬᠠᠨ ᠶᠠᠪᠣᠵᠤ ᠪᠠᠢ᠌ᠭᠰᠠᠨ ᠶᠢᠡᠨ᠄

᠊᠊᠊᠊᠊᠊᠊᠊᠊᠊᠊᠊᠊᠊᠊ ᠣᠷᠭᠢᠯ ᠡ ᠂ ᠬᠤᠶᠠᠭᠤᠯᠠ ᠭᠠᠯᠠᠭᠤᠳᠤ ᠶᠢᠨ ᠳᠤᠬᠤᠢ ᠳᠤ ᠭᠦᠷᠴᠤ ᠂ ᠬᠠᠭᠤᠴᠢᠨ ᠪᠠᠭᠤᠴᠠ ᠳᠠᠭᠠᠨ ᠥᠳᠡᠯᠡᠭᠡᠤᠨ ᠮᠤᠷᠳᠠᠶ᠎ᠠ ᠭᠡᠤᠨ ᠨᠠᠳᠠ ᠣᠷᠤᠭᠤ ᠣᠴᠢᠷᠳᠠᠢ᠌ᠬᠠᠨ ᠢᠷᠠᠯᠵᠠᠭᠰᠠᠨ ᠶᠢᠡᠨ ᠮᠤᠷᠢᠨ ᠳᠠᠭᠠᠨ ᠳᠠᠰᠢᠭᠤᠷ ᠥᠭ᠍ᠴᠤ ᠵᠢᠷᠤᠭᠠᠯᠠᠭᠤᠯᠪᠠ ᠃

ᠪᠢᠳᠠ ᠦᠳᠡ ᠶᠢᠨ ᠨᠠᠷᠠ ᠪᠠᠷ ᠭᠠᠯᠠᠭᠤᠳᠤ ᠶᠢᠨ ᠳᠤᠬᠤᠢ ᠶᠢᠨ ᠬᠠᠭᠤᠴᠢᠨ ᠪᠠᠭᠤᠴᠠ ᠳᠠᠭᠠᠨ ᠪᠠᠭᠤᠵᠠᠭᠠᠪᠠ ᠃

ᠦᠳᠡ ᠶᠢᠨ ᠬᠠᠯᠠᠭᠤᠨ ᠨᠠᠷᠠᠨ ᠮᠠᠩᠨᠠᠢ ᠡᠴᠡ ᠳᠤᠰᠤ ᠳᠠᠭᠠᠭᠠᠳᠠᠯ᠎ᠠ ᠰᠢᠷᠠᠬᠤ ᠠᠪᠠᠴᠤ ᠭᠦᠳᠠᠯ ᠤᠨ ᠣᠷᠤᠢ ᠳᠤ ᠰᠠᠯᠭᠢ ᠰᠠᠷᠴᠢᠭᠢᠨᠠᠵᠤ ᠰᠡᠷᠢᠭᠦᠭᠡᠨ ᠂ ᠬᠠᠶᠠ ᠭᠤᠤᠯ ᠤᠨ ᠣᠰᠤᠨ ᠤ ᠬᠤᠵᠢᠷᠯᠢᠭ ᠦᠨᠦᠷ ᠰᠠᠩᠭᠢᠨᠠᠵᠤ ᠂ ᠡᠨᠡᠭᠡᠨ ᠳᠤᠤᠷ᠎ᠠ ᠳᠠᠯ᠎ᠠ ᠳᠤ ᠨᠢᠬᠳᠠ ᠣᠷᠭᠤᠭᠰᠠᠨ ᠪᠣᠷᠭᠠᠰᠤᠨ ᠤ ᠳᠤᠮᠳᠠᠭᠤᠷ ᠴᠢᠮᠡᠭᠡ ᠥᠭᠡᠢ᠌ᠭᠡᠨ ᠮᠡᠯᠳᠡᠯᠵᠡᠭᠦ ᠬᠤᠢ ᠭᠤᠤᠯ ᠤᠨ ᠨᠤᠭᠤᠯᠠᠭ᠎ᠠ ᠨᠤᠭᠤᠳ ᠨᠠᠷᠠᠨ ᠳᠤ ᠭᠢᠯᠠᠯᠵᠠᠨ ᠂ ᠪᠦᠯᠢᠶᠡᠰᠦᠭ᠍ᠰᠡᠨ ᠣᠰᠤᠨ ᠤ ᠮᠠᠠᠳᠠᠯ ᠶᠢᠡᠷ ᠠᠩᠭᠢᠷ ᠨᠠᠭᠠᠤᠠᠴᠤ ᠬᠠᠷᠠᠭᠳᠠᠨ᠎ᠠ ᠃

ᠪᠢᠳᠠ ᠬᠤᠶᠠᠷ ᠮᠤᠷᠢ ᠪᠠᠨ ᠭᠦᠳᠦᠯᠦᠭ᠍ᠰᠡᠭᠡᠷ ᠭᠤᠤᠯ ᠤᠨ ᠳᠤᠬᠤᠢ ᠶᠢᠨ ᠪᠣᠷᠭᠠᠰᠤᠨ ᠳᠤ ᠣᠴᠢᠯ᠎ᠠ ᠃ ᠨᠢᠴᠦᠭᠦᠨ ᠪᠠᠭ᠎ᠠ ᠶᠢᠨ ᠮᠢᠨᠢ ᠣᠯᠠ ᠮᠦᠷ ᠳᠠᠮᠠᠭᠠᠯᠠᠭᠳᠠᠨ ᠥᠯᠡᠳᠡᠭ᠍ᠰᠡᠨ ᠪᠣᠷᠭᠠᠰᠤᠨ ᠤ ᠴᠢᠯᠦᠭᠡ ᠨᠤᠭᠤᠳ ᠮᠢᠨᠢ ᠳᠠᠷᠠ ᠭᠡᠪ ᠶᠢᠡᠷ ᠶᠢᠡᠨ ᠨᠠᠮᠵᠢᠭᠤᠨ ᠭᠤᠶᠤᠮᠰᠤᠭ ᠂ ᠰᠡᠷᠢᠭᠦᠨ ᠳᠠᠭᠠᠳᠠᠢ ᠪᠠᠢ᠌ᠭ᠎ᠠ ᠠᠵᠠᠢ᠃

ᠳᠤᠭᠤᠯ ᠶᠢᠡᠨ ᠡᠷᠭᠢᠭᠦᠯᠵᠤ ᠶᠠᠪᠣᠬᠤ ᠳᠠᠭᠠᠨ ᠶᠡᠭᠡᠰ ᠡᠴᠡ ᠪᠠᠨ ᠨᠢᠭᠤᠵᠤ ᠣᠰᠤᠨ ᠳᠤ ᠣᠷᠤᠳᠠᠭ ᠪᠠᠢ᠌ᠭᠰᠠᠨ ᠭᠠᠵᠠᠷ ᠶᠢᠡᠨ ᠣᠯᠵᠤ ᠂ ᠭᠤᠤᠯ  ᠦᠨ ᠭᠦᠪᠠᠭᠡᠨ ᠤ ᠵᠥᠭᠡᠯᠡᠨ ᠨᠤᠭᠤ ᠳᠡᠭᠡᠷ᠎ᠡ ᠴᠤᠪᠠ ᠪᠠᠨ ᠳᠠᠪᠢᠰᠴᠤ ᠳᠤᠬᠠᠯᠠᠨ ᠰᠠᠭᠤᠵᠤ ᠦᠳᠡᠯᠠᠵᠤ ᠭᠠᠷᠤᠯ᠎ᠠ ᠃

᠊᠊᠊᠊᠊᠊᠊᠊᠊᠊᠊᠊᠊᠊᠊ ᠣᠷᠭᠢᠯ ᠡ ᠭᠡᠵᠤ ᠶᠠᠩᠵᠢᠨ ᠬᠤᠨᠢᠨ ᠤ ᠰᠢᠭ ᠵᠤᠦᠪᠠᠡᠭ᠌ ᠰᠢᠷ᠎ᠠ ᠨᠢᠳᠤᠨ ᠡᠴᠡ ᠪᠠᠨ ᠵᠥᠭᠡᠯᠡᠨ ᠭᠡᠷᠡᠯ ᠪᠢᠯᠬᠠᠭᠤᠯᠤᠨ ᠵᠤᠮᠠᠯᠵᠠᠭᠰᠠᠭᠠᠷ ᠄

᠊᠊᠊᠊᠊᠊᠊᠊᠊᠊᠊᠊᠊᠊᠊ ᠢᠩᠭᠢᠵᠤ ᠶᠠᠪᠣᠭᠠᠤᠨ ᠂ ᠴᠢ ᠣᠢ᠌ᠷ᠎ᠠ ᠳᠤ ᠪᠠᠷᠤᠭ ᠭᠡᠷ ᠶᠢᠡᠨ ᠡᠷᠭᠢᠭᠦ ᠦᠭᠡᠶ ᠪᠠᠢ᠌ᠬ᠎ᠠ ⁈ ᠭᠡᠨ᠎ᠡ ᠃

ᠪᠢ ᠶᠠᠩᠵᠢᠨ ᠤ ᠳᠡᠪᠢᠰᠦᠭ᠍ᠰᠡᠨ ᠴᠤᠪᠠ ᠳᠡᠭᠡᠷ᠎ᠡ ᠳᠡᠭ᠍ᠷᠢ ᠬᠠᠷᠠᠨ ᠭᠡᠪᠳᠡᠵᠤ ᠂ ᠡᠪᠠᠰᠤ ᠣᠰᠤᠨ ᠤ ᠰᠡᠷᠭᠦᠯᠡᠩ ᠦᠨᠦᠷ ᠢ ᠠᠮᠢᠰᠬᠤᠯᠠᠨ ᠪᠠᠢ᠌ᠭᠰᠠᠨ ᠶᠢᠡᠨ᠄

᠊᠊᠊᠊᠊᠊᠊᠊᠊᠊᠊᠊᠊᠊᠊ ᠰᠤᠷᠭᠠᠭᠤᠯᠢ ᠪᠠᠨ ᠳᠡᠭᠦᠰᠦᠭ᠍ᠰᠡᠨ ᠬᠣᠢ᠌ᠨ᠎ᠠ ᠯᠠ ᠪᠣᠴᠠᠨ᠎ᠠ ᠃ ᠬᠠᠷᠢᠨ ᠳᠡᠭᠦᠨ ᠡᠴᠡ ᠨᠠᠰᠢ ᠨᠠᠰᠢᠯᠠᠬᠤ ᠦᠭᠡᠶ ᠭᠡᠯ᠎ᠡ ᠃

᠊᠊᠊᠊᠊᠊᠊᠊᠊᠊᠊᠊᠊᠊᠊ ᠳᠦᠷᠪᠡᠨ ᠵᠢᠯ ᠪᠣᠯᠤᠨ᠎ᠠ ᠭᠡᠰᠡᠨ ᠥᠭᠡ ᠰᠢᠤ ᠭᠡᠵᠤ ᠶᠠᠩᠵᠢᠨ ᠠᠮᠠᠨ ᠳᠠᠭᠠᠨ ᠰᠢᠪᠠᠨᠠᠨ ᠶᠠᠷᠢᠵᠤ ᠂ ᠵᠥᠭᠡᠯᠡᠨ ᠬᠠᠷᠠᠴᠠᠳᠤ ᠨᠢᠳᠤ ᠪᠠᠷ ᠶᠢᠡᠨ ᠨᠠᠮ᠎ᠠ ᠶᠢ ᠢᠯᠪᠢᠨ ᠬᠠᠷᠠᠠᠰᠠᠨ ᠶᠢᠡᠨ᠄

᠊᠊᠊᠊᠊᠊᠊᠊᠊᠊᠊᠊᠊᠊᠊ ᠣᠢ᠌ᠷ᠎ᠠ ᠳᠤ ᠬᠤᠶᠠᠭᠤᠯᠠ ᠠᠭᠤᠯᠵᠠᠵᠤ ᠴᠢᠳᠠᠬᠤ ᠦᠭᠡᠶ ᠨᠢ ᠁ ᠭᠡᠵᠤ ᠶᠠᠮᠠᠷ ᠨᠢᠭᠡᠨ ᠶᠠᠭᠤᠮᠠᠨ ᠤ ᠳᠤᠬᠠᠢ ᠳᠦᠭ᠍ᠳᠡᠷᠡᠰᠭᠢᠵᠤ ᠠᠪᠣᠭᠰᠠᠨ ᠶᠢᠡᠨ᠄

᠊᠊᠊᠊᠊᠊᠊᠊᠊᠊᠊᠊᠊᠊᠊ ᠡᠳᠦᠷ ᠤᠨ ᠬᠠᠯᠠᠭᠤᠨ ᠢ ᠡ᠊ᠡᠳᠡ ᠪᠠᠨ ᠯᠠ ᠥᠩᠭᠡᠷᠡᠭᠡᠵᠤ᠂ ᠰᠡᠷᠢᠭᠦᠤ ᠣᠷᠤᠭᠤᠯᠤᠭᠠᠤᠨ ᠮᠤᠷᠳᠠᠶ᠎ᠠ ᠂ ᠬᠤᠶᠠᠭᠤᠯᠠ ᠃ ᠴᠢ ᠪᠣᠷᠭᠠᠰᠤᠨ ᠤ ᠰᠡᠭᠦᠳᠡᠷ ᠲᠤ ᠵᠢᠭᠠᠬᠠᠨ ᠳᠤᠭ‍ᠭᠢᠵᠤ ᠶᠠᠳᠠᠷᠠᠭ᠎ᠠ ᠪᠠᠨ ᠳᠠᠢ᠌ᠯᠤᠭᠠᠤᠨ ᠠᠪ ᠭᠡᠯ᠎ᠡ ᠃

ᠪᠢ ᠴᠤ ᠪᠠᠭ᠎ᠠ ᠡᠴᠡ ᠴᠢᠩᠨᠠᠵᠤ ᠥᠰᠦᠭ᠍ᠰᠡᠨ ᠬᠤᠢ ᠭᠤᠤᠯ ᠤᠨ ᠶᠢᠡᠨ ᠭᠦᠩᠭᠡᠭᠡᠨ ᠬᠠᠷᠭᠢᠯᠬᠤ ᠴᠢᠮᠡᠭᠡ ᠶᠢ ᠴᠢᠩᠨᠠᠨ ᠂ ᠡᠨᠡ ᠭᠤᠤᠯ ᠤᠨ ᠳᠤᠬᠤᠢ ᠪᠠᠷ ᠦᠯᠠᠳᠠᠨ ᠬᠤᠴᠤᠷᠤᠭᠰᠠᠨ ᠪᠠᠭ᠎ᠠ ᠶᠢᠨ ᠰᠠᠢ᠌ᠬᠠᠨ ᠠᠮᠢᠳᠤᠷᠠᠯ ᠶᠢᠡᠨ ᠡᠷᠭᠢᠴᠡᠭᠦᠯᠤᠨ ᠰᠠᠨᠠᠵᠤ ᠭᠡᠪᠳᠡᠭ᠍ᠰᠡᠭᠡᠷ ᠳᠤᠭᠵᠢᠷᠠᠵᠤ ᠣᠷᠭᠢᠪᠠ ᠃

ᠴᠢᠷᠠᠢ ᠳᠡᠭᠡᠷ᠎ᠡ ᠮᠢᠨᠢ ᠣᠰᠤ ᠥᠰᠦᠷᠭᠦ ᠳᠤ ᠰᠤᠴᠢᠨ ᠰᠠᠷᠢᠵᠤ ᠂ ᠨᠢᠳᠤ ᠨᠡᠭᠡᠭᠡᠨ ᠬᠠᠷᠠᠪᠠᠯ ᠪᠣᠷᠭᠠᠰᠤᠨ ᠤ ᠰᠡᠭᠦᠳᠡᠷ ᠵᠡᠭᠦᠡᠰᠢ ᠰᠢᠯᠵᠢᠵᠠᠢ ᠃ ᠶᠠᠩᠵᠢᠨ ᠢ ᠥᠭᠡᠢ᠌ᠯᠡᠵᠤ ᠣᠷᠪᠠᠨ ᠬᠠᠷᠠᠬᠤᠯᠠᠷ ᠨᠠᠳᠠ ᠡᠴᠡ ᠬᠤᠶᠠᠷᠬᠠᠨ ᠠᠯᠬᠤᠮ ᠤᠨ ᠵᠠᠢ᠌ᠳᠠᠢ ᠂ ᠣᠰᠤᠨ ᠡᠴᠡ ᠰᠠᠶ‍ᠢ ᠭᠠᠷᠤᠭᠰᠠᠨ ᠪᠣᠯᠤᠯᠳᠠᠢ ᠂ ᠨᠣᠢ᠌ᠳᠠᠨ ᠭᠡᠵᠢᠭᠡ ᠪᠠᠨ ᠠᠷᠴᠢᠨ ᠨᠢᠴᠦᠭᠦᠨ ᠵᠤᠭᠰᠤᠬᠤ ᠠᠵᠠᠢ ᠃

ᠪᠠᠯᠴᠢᠷ ᠪᠠᠭ᠎ᠠ ᠶᠢᠨ ᠮᠢᠨᠢ ᠣᠨᠠᠭᠠᠨ ᠨᠠᠢ᠌ᠵᠠ ᠡᠨᠡ ᠭᠡᠦᠭᠡᠨ ᠨᠠᠮ᠎ᠠ ᠶᠢ ᠣᠠᠳᠠᠵᠤ ᠪᠠᠢ᠌ᠬᠤ ᠬᠤᠭᠤᠷᠤᠠᠳᠤ ᠣᠰᠤᠨ ᠳᠤ ᠣᠷᠤᠭᠠᠤᠨ ᠭᠠᠷᠬᠤ ᠳᠠᠭᠠᠨ ᠡᠷ᠎ᠡ ᠶᠢᠨ ᠴᠡᠭᠡᠯ ᠳᠤ ᠭᠦᠷᠦᠭ᠍ᠰᠡᠨ ᠬᠠᠷ᠎ᠠ ᠭᠦᠤ ᠬᠠᠵᠠᠭᠤ ᠳᠤ ᠨᠢ ᠣᠠᠳᠠᠵᠤ ᠪᠠᠢ᠌ᠭ᠎ᠠ ᠶᠢ ᠣᠮᠳᠤᠭᠠᠢ᠌ᠯᠠᠴᠢᠬᠠᠵᠤ ᠂ ᠡᠭᠡ ᠡᠴᠡ ᠳᠦᠷᠦᠭ᠍ᠰᠡᠨ ᠨᠢᠴᠦᠭᠦᠨ ᠴᠤᠭᠴᠠᠰ ᠶᠢᠡᠷ ᠶᠢᠡᠨ ᠶᠠᠪᠣᠭ᠎ᠠ ᠠᠵᠠᠢ ᠃ ᠭᠦᠳᠡᠭᠡ ᠶᠢᠨ ᠬᠠᠷ᠎ᠠ ᠪᠣᠷᠤ ᠠᠵᠢᠯ ᠳᠤ ᠳᠠᠪᠳᠠᠭᠳᠠᠨ ᠴᠢᠩᠭ᠋ᠠᠷᠠᠭᠰᠠᠨ ᠪᠣᠯᠴᠢᠩ ᠮᠢᠬ᠎ᠠ ᠂ ᠵᠠᠯᠠᠭᠤ ᠰᠤᠭᠤ ᠶᠢᠨ ᠰᠢᠭ ᠳᠤᠶᠠᠭᠠᠳᠤ ᠪᠣᠷᠤ ᠠᠷᠠᠰᠤᠨ ᠳᠠᠭᠠᠨ ᠴᠢᠩᠭ᠋᠎ᠠ ᠪᠣᠭᠤᠭᠳᠠᠨ ᠂ ᠵᠡᠭᠡᠷ᠎ᠡ ᠭᠦᠷᠦᠭᠡᠰᠤᠨ ᠤ ᠮᠠᠳᠤ ᠠᠰᠬᠠᠨ ᠬᠤᠶᠠᠷ ᠭᠦᠯ ᠶᠢᠡᠨ ᠵᠢᠭᠢᠨ ᠵᠤᠭᠰᠤᠵᠤ ᠂ ᠨᠠᠭᠢᠯᠵᠠᠮ᠎ᠠ ᠪᠠᠯᠭᠦᠭᠡᠰᠤ ᠪᠠᠷ ᠶᠢᠡᠨ ᠦᠯᠦ ᠠᠩᠬᠠᠷᠤᠭᠳᠠᠮ᠎ᠠ ᠨᠤᠭᠤᠷᠠᠵᠠᠢ ᠃

ᠵᠠᠯᠠᠭᠤ ᠪᠣᠷᠤ ᠵᠢᠷᠦᠭᠡ ᠮᠢᠨᠢ ᠣᠷᠭ᠎ᠠ ᠬᠠᠷᠠᠭᠰᠠᠨ ᠡᠮᠨᠢᠭ ᠰᠢᠭ᠌ ᠪᠣᠯᠭᠢᠯᠠᠭᠠᠤᠨ ᠯᠠ ᠁

ᠢᠩᠭᠢᠵᠤ ᠶᠠᠩᠵᠢᠨ ᠪᠢᠳᠠ ᠬᠤᠶᠠᠷ ᠭᠡᠦᠭᠡᠤᠨ ᠦᠶ᠎ᠡ ᠶᠢᠨ ᠴᠠᠢ᠌ᠯᠭᠠᠨ ᠬᠠᠷᠢᠴᠠᠭ᠎ᠠ ᠶᠢ ᠡᠪᠳᠡᠵᠤ ᠂ ᠨᠢᠭᠦᠯᠳᠤ ᠬᠤᠷᠸ᠎ᠠ ᠶᠢᠨ ᠵᠠᠪᠠᠯ ᠪᠣᠳᠤᠯ ᠰᠠᠤᠠᠭᠢᠯ ᠶᠢᠡᠷ ᠯᠠ ᠪᠢᠰᠢ ᠪᠠᠶ᠎ᠠ ᠴᠤᠭᠴᠠᠰ ᠶᠢᠡᠷ ᠭᠦᠷᠦᠯᠴᠡᠭᠦ ᠵᠢᠮ᠎ᠠ ᠶᠢ ᠳᠤᠡᠭ ᠴᠤ ᠭᠡᠨᠡᠨ ᠠᠮᠰᠠᠵᠤ ᠪᠢᠯᠠ ᠡ ᠃ ᠥᠰᠭᠡᠵᠤ ᠂ ᠥᠶᠡᠷᠭᠡᠭᠦᠯᠵᠤ ᠶᠠᠪᠣᠭᠰᠠᠨ ᠭᠤᠤᠯ ᠣᠰᠤᠨ ᠤ ᠪᠠᠨ ᠡᠷᠭᠢᠨ ᠳᠡᠭᠡᠷ᠎ᠡ ᠳᠤᠮᠤᠭᠠᠵᠢᠵᠤ ᠠᠮᠵᠢᠭ᠎ᠠ ᠦᠭᠡᠶ ᠬᠤᠶᠠᠷ ᠪᠠᠶ᠎ᠠ ᠢᠩᠭᠢᠵᠤ ᠳᠦᠷᠰᠦ ᠥᠭᠡᠢ᠌ᠳᠡᠭᠦ ᠶᠢ ᠬᠤᠢ ᠭᠤᠤᠯ ᠮᠢᠨᠢ ᠯᠠ ᠳᠤᠭᠣᠢ᠌ᠬᠠᠨ ᠬᠠᠷᠠᠵᠤ ᠮᠠᠯᠮᠠᠷᠠᠨ ᠪᠠᠢ᠌ᠵᠤ ᠥᠩᠭᠡᠷᠡᠭᠦᠯᠵᠡᠢ ᠃

ᠳᠠᠷᠠ ᠡᠳᠦᠷ ᠪᠢᠳᠠ ᠬᠤᠶᠠᠷ ᠡᠨᠡ ᠳᠤᠬᠤᠢ ᠡᠴᠡ ᠳᠤᠡᠭ ᠣᠷᠣᠢ᠌ᠬᠠᠨ ᠰᠠᠶ‍ᠢ ᠮᠤᠷᠳᠠᠵᠤ ᠪᠢᠯᠠ ᠃

᠁ ᠁

ᠡᠪᠦᠯ ᠤᠨ ᠠᠮᠠᠷᠠᠯᠳᠠ ᠪᠣᠯᠬᠤ ᠦᠶ᠎ᠡ ᠪᠠᠷ ᠠᠪᠣ ᠢᠷᠡᠭᠡᠤᠨ ᠪᠣᠴᠠᠬᠤ ᠳᠠᠭᠠᠨ᠄

᠊᠊᠊᠊᠊᠊᠊᠊᠊᠊᠊᠊᠊᠊᠊ ᠶᠠᠩᠵᠢᠨ ᠡᠭᠡᠴᠢ ᠴᠢᠨᠢ ᠭᠡᠨ ᠤ ᠭᠢ ᠶᠢ ᠮᠡᠳᠡᠭᠦ ᠦᠭᠡᠶ ᠭᠡᠦᠭᠡᠤᠨ ᠡᠪᠦᠷᠯᠡᠴᠢᠭᠡᠭᠡᠤᠨ ᠂ ᠰᠢᠭᠣᠢ᠌ᠳᠤ ᠶᠢᠨ ᠰᠢᠯᠢ ᠶᠢᠨ ᠳᠤᠭᠤᠯᠠᠩ ᠮᠠᠠᠳᠤᠯ᠎ᠠ ᠳᠤ ᠮᠤᠷᠳᠠᠴᠢᠬᠠᠭᠰᠠᠨ ᠭᠡᠯ᠎ᠡ ᠃

ᠣᠭᠢᠯᠠᠬᠤ ᠴᠤ ᠪᠢᠰᠢ ᠂ ᠶᠠᠭᠠᠭᠢᠬᠤ ᠴᠤ ᠪᠢᠰᠢ ᠨᠢᠭᠡ ᠶᠡᠭᠡ ᠰᠠᠤᠠᠭᠢᠯ ᠶᠢᠡᠷ ᠣᠨᠠᠨ ᠥᠯᠡᠳᠡᠭ᠍ᠰᠡᠨ ᠭᠦᠭᠡᠷᠦᠭᠦᠢ ᠠᠮᠢᠳᠠᠨ ᠨᠢ ᠪᠢ ᠭᠠᠭᠴᠠᠭᠠᠷᠬᠠᠨ ᠪᠠᠢ᠌ᠵᠠᠢ ᠃

ᠳᠠᠷᠠ ᠵᠢᠯ ᠤᠨ ᠡᠪᠦᠯ ᠶᠠᠷᠤ ᠨᠢ ᠠᠯᠢ ᠠᠯᠢ ᠵᠢᠯ ᠤᠨ ᠭᠢ ᠡᠴᠡ ᠭᠦᠢᠳᠡᠨ ᠪᠠᠢ᠌ᠭᠰᠠᠨ ᠪᠣᠯᠪᠠᠤ ⁈

1990 ᠣᠨ ᠤ ᠴᠠᠭᠠᠨ ᠰᠠᠷ᠎ᠠ ᠳᠤ


ᠵᠤᠬᠢᠶᠠᠭᠴᠢ᠄ ᠲ·ᠬᠤᠷᠴᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 9193
ᠴᠠᠭ᠄ 2005 ᠤᠨ ᠤ 08 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ