☆ ᠪᠣᠷᠵᠢᠭᠢᠨ ᠷᠢᠠᠴᠢᠨ
ᠠᠷᠢᠭᠢᠨ ᠮᠤᠬᠤᠯᠠᠭ ᠡᠷᠳᠡᠮ ᠵᠢᠭᠠᠳᠠᠭ ᠥᠭᠡᠢ
᠊᠊᠊᠊᠊᠊᠊᠊᠊᠊᠊᠊᠊᠊᠊᠊᠊᠊᠊᠊᠊᠊᠊᠊᠊᠊᠊᠊᠊᠊ ᠰ·ᠪᠠᠶᠠᠠᠴᠠᠭᠠᠨ ᠤ 《ᠠᠷᠢᠭᠢᠨ ᠮᠤᠬᠤᠯᠠᠭ ᠡ᠊ᠨᠳᠡ ᠡᠴᠠ ᠤᠢ᠌ᠷᠠᠬᠠᠨ》 ᠭᠡᠭᠦ ᠰᠢᠯᠦᠭ᠌ ᠲᠤ ᠨᠡᠢ᠌ᠯᠡᠭᠦᠯᠪᠡ
ᠳᠦᠷᠪᠠᠨ ᠵᠢᠯ ᠤᠨ ᠣᠶᠤᠳᠠᠨ ᠠᠮᠢᠳᠤᠷᠠᠯ
ᠳ᠋ᠦ᠋ᠩᠨᠠᠵᠤ ᠭᠡᠯᠡᠪᠠᠯ ᠵᠢᠷᠠᠨ ᠬᠤᠪᠢ
ᠳᠦᠭᠦᠷᠡᠩ ᠬᠤᠠᠳᠠᠭ᠎ᠠ ᠲᠡᠶ ᠭᠠᠰᠢᠭᠤᠨ ᠣᠮᠳᠠ
ᠳᠦᠷᠢ ᠶᠢ ᠨᠢ ᠭᠡᠯᠡᠪᠠᠯ ᠵᠢᠷᠠᠨ ᠊ᠭ᠍ᠷᠡᠳᠦ᠋ᠰ
ᠤᠢ᠌ᠳᠬᠠᠷ ᠠᠴᠢᠭᠰᠠᠨ ᠵᠠᠯᠠᠭᠤ ᠨᠠᠰᠤ
ᠠᠷᠢᠭᠢᠨ ᠮᠤᠬᠤᠯᠠᠭ ᠲᠤ ᠭᠢᠮᠳᠠᠷᠠᠨᠠ
ᠠᠷᠢᠭᠢᠨ ᠰᠢᠷᠡᠭᠡᠨ ᠳᠤ ᠰᠠᠨᠠᠵᠤ ᠣᠯᠳᠠᠭ
ᠠᠷᠠᠤᠨ ᠤᠨ ᠳᠠᠭᠤᠤ ᠭᠡᠯᠡᠭᠡᠢ᠌ᠷᠡᠨᠡ
ᠲ᠋ᠤᠧᠨ ᠰᠤᠬᠤᠷ ᠤᠨ ᠨᠢᠳᠤ ᠪᠠᠷ ᠬᠠᠷᠠᠬᠤ ᠳᠤ
ᠳᠤᠳᠤ ᠢᠷᠠᠭᠤ ᠮᠤᠩᠭ᠋ᠤᠯ ᠭᠡᠯᠡᠨ ᠤ ᠮᠢᠨᠢ
ᠠᠴᠤᠭ ᠰᠢᠯᠪᠢ ᠡᠪᠠᠷ ᠭᠡᠵᠢᠭᠡ ᠨᠢ ᠳᠤᠳᠠᠭᠤ
《ᠠᠷᠭ᠎ᠠ ᠪᠠᠨ ᠪᠠᠷᠠᠭᠰᠠᠨ
ᠰᠢᠷᠬ᠎ᠠ ᠲᠡᠶ ᠵᠡᠮᠳᠡᠭ᠌ ᠮᠤᠩᠭ᠋ᠤᠯ ᠨᠠᠷᠠ ᠲᠡᠶ
ᠮᠤᠬᠤᠯᠠᠭ ᠤᠳ ᠲᠤ》
ᠮᠤᠩᠭ᠋ᠤᠯ ᠣᠶᠤᠳᠠᠨ ᠤᠢ᠌ᠳᠬᠠᠷ ᠶᠢᠡᠨ
ᠰᠢᠮᠠᠵᠤ ᠰᠠᠭᠤᠨ᠎ᠠ
ᠲ᠋ᠤᠭ᠎ᠠ ᠲᠡᠶ ᠨᠠᠰᠤ ᠪᠠᠨ
ᠳᠤᠭᠤᠬᠤ ᠴᠤ ᠦᠭᠡᠶ ᠣᠤᠭᠤᠵᠤ ᠰᠠᠭᠤᠨ᠎ᠠ
ᠳᠤᠮᠤ ᠥᠭᠡ ᠭᠡᠯᠡᠵᠤ
ᠳᠤᠯᠤᠭᠠᠢ ᠪᠠᠨ ᠳᠠᠭᠠᠬᠤ ᠦᠭᠡᠶ ᠣᠤᠭᠤᠵᠤ ᠰᠠᠭᠤᠨ᠎ᠠ
ᠠᠪᠣ ᠡᠵᠢ ᠶᠢᠨ ᠶᠢᠡᠨ ᠭᠦᠯᠦᠰᠤ ᠴᠢᠰᠤ ᠶᠢ
ᠠᠳᠬᠤ ᠠᠳᠬᠤ ᠪᠠᠷ ᠰᠠᠴᠤᠵᠤ ᠰᠠᠭᠤᠨ᠎ᠠ
ᠤᠢ᠌ᠳᠬᠠᠷ ᠶᠢᠡᠨ ᠮᠠᠷᠳᠠᠬᠤ ᠶᠢᠨ ᠲᠦᠯᠦᠭᠡ ᠣᠤᠭᠤᠨ᠎ᠠ
ᠣᠶᠤᠨ ᠣᠬᠠᠭᠠᠨ ᠶᠢᠡᠨ ᠮᠢᠡᠴᠦᠷᠡᠭᠦᠯᠵᠤ ᠰᠠᠭᠤᠨ᠎ᠠ
ᠵᠤᠭᠤᠰ ᠶᠢᠡᠨ ᠪᠠᠷᠠᠪᠠᠯ ᠭᠡᠷ ᠶᠢᠡᠨ ᠨᠢᠭᠡ ᠰᠠᠨᠠᠨ᠎ᠠ
ᠵᠤᠪᠠᠯᠠᠩ ᠳᠤᠯᠭᠠᠷᠠᠪᠠᠯ ᠡᠵᠢ ᠶᠢ ᠪᠠᠨ ᠨᠢᠭᠡ ᠳᠤᠷᠠᠰᠤᠨ᠎ᠠ
ᠦᠷᠯᠦᠭᠡ ᠪᠣᠰᠪᠠᠯ ᠰᠢᠷ᠎ᠠ ᠳᠠᠢ᠌ᠯᠵᠤ ᠰᠠᠭᠤᠨ᠎ᠠ
ᠦᠳᠡᠰᠢ ᠪᠣᠯᠪᠠᠯ ᠰᠠᠨᠠᠭ᠎ᠠ ᠳᠠᠢ᠌ᠯᠵᠤ ᠰᠠᠭᠤᠨ᠎ᠠ
ᠰᠢᠯᠭᠠᠯᠳᠠ ᠪᠣᠯᠪᠠᠯ ᠠᠷᠭᠠᠴᠠᠵᠤ ᠡᠪᠯᠡᠭᠦᠯᠵᠤ ᠳᠠᠭᠤᠰᠬᠠᠨ᠎ᠠ
ᠰᠢᠯᠳᠠᠭ ᠣᠯᠪᠠᠯ ᠠᠷᠤ ᠦᠪᠣᠷ ᠶᠢᠡᠷ ᠨᠢ ᠭᠦᠶᠤᠨ᠎ᠡ
ᠵᠠᠯᠠᠭᠤ ᠨᠠᠰᠤ ᠪᠠᠨ ᠦᠯᠤ ᠬᠠᠢ᠌ᠷᠠᠯᠠᠨ᠎ᠠ
ᠵᠠᠪᠳᠤᠵᠤ ᠰᠤᠷᠬᠤ ᠶᠢ ᠦᠯᠤ ᠭᠦᠰᠡᠨ᠎ᠡ
ᠣᠶᠤᠳᠠᠨ ᠶᠢᠡᠨ ᠳᠡᠭᠦᠰᠪᠠᠯ ᠶᠠᠭᠤ ᠭᠢᠭᠦ ᠳᠤᠬᠠᠢ ᠪᠣᠳᠤᠵᠠᠭᠠᠨ᠎ᠠ
ᠣᠶᠤᠨ ᠪᠢᠯᠢᠭ᠌ ᠳᠤᠨᠢ ᠡᠷᠳᠡᠮ ᠳᠤᠳᠠᠬᠤ ᠶᠢ ᠡᠰᠡ ᠮᠠᠳᠠᠨ᠎ᠡ
ᠠᠷᠢᠭᠢᠨ ᠮᠤᠬᠤᠯᠠᠭ ᠲᠤ ᠡᠷᠳᠡᠮ ᠵᠢᠭᠠᠳᠠᠭ ᠦᠭᠡᠶ
ᠠᠷᠢᠭᠢ ᠳᠠᠷᠠᠰᠤᠨ ᠡᠴᠠ ᠠᠪᠢᠶᠠᠰ ᠣᠠᠳᠤᠷᠠᠳᠠᠭ ᠦᠭᠡᠶ
ᠡᠮᠤᠨ᠎ᠡ ᠹᠷᠤᠠᠲ᠋ ᠲᠤ ᠠᠷᠢᠭᠢ ᠲᠡᠶ ᠳᠠᠢ᠌ᠨ ᠵᠠᠷᠯᠠᠨ᠎ᠠ
ᠡᠷᠡᠭᠦᠯ ᠴᠢᠭᠢᠷᠠᠭ ᠢ ᠨᠢ ᠰᠫᠢᠷᠲ᠋ ᠶᠢᠨ ᠰᠤᠮᠤ ᠰᠦᠪᠡᠯᠠᠨᠡ
ᠠᠪᠣ ᠶᠢᠨ ᠭᠦᠤ ᠶᠢᠨ ᠳᠤᠭᠰᠢᠨ ᠭᠦᠴᠤᠨ ᠳᠤ
ᠠᠷᠢᠭᠢᠨ ᠪᠣᠳᠤᠩ ᠱᠠᠯ ᠰᠤᠭᠳᠤᠴᠢᠬᠠᠯᠠ
ᠠᠯᠳᠠᠨ ᠶᠤ ᠬᠤᠠᠳᠠᠭᠠᠨ ᠳᠠᠭᠠᠨ᠁ ᠭᠡᠵᠤ ᠪᠢ ᠳᠠᠭᠤᠯᠠᠨ᠎ᠠ
ᠠᠬ᠎ᠠ ᠳᠡᠭᠦᠤ ᠳᠠ ᠨᠡᠷ ᠲᠡᠶ ᠪᠠᠨ᠁ ᠭᠡᠵᠤ ᠠᠷᠢᠭᠢ ᠳᠠᠭᠤᠯᠠᠨ᠎ᠠ
ᠳᠡᠭ᠍ᠷᠢ ᠶᠢᠨ ᠳᠠᠭᠤᠯᠠᠳᠠᠭ 《ᠮᠤᠩᠭ᠋ᠤᠯ ᠭᠦᠮᠤᠨ》 ᠊ᠢ ᠠᠷᠢᠭᠢ ᠮᠠᠷᠳᠠᠬᠤ ᠦᠭᠡᠶ
ᠲᠡᠶ ᠪᠠᠢ ᠶᠢᠨ 《ᠰᠡᠯᠡᠭᠦᠨ ᠰᠦᠨᠢ ᠶᠢᠨ ᠪᠣᠳᠤᠯ》 ᠊ᠢ ᠳᠡᠦᠭᠡ ᠮᠠᠷᠳᠠᠬᠤ ᠦᠭᠡᠶ
ᠲ᠋ᠡᠮᠡᠭᠡᠨ ᠴᠢᠨᠡᠭᠡᠨ ᠰᠠᠯᠭᠢ
ᠳᠠᠪᠠᠨᠠᠨ ᠨᠥᠭᠡ ᠪᠠᠷ ᠰᠢᠷᠭᠤᠨ᠎ᠠ
ᠳᠡᠷᠢᠭᠦᠨ ᠡᠷᠭᠦᠨ ᠰᠠᠷ᠎ᠠ ᠶᠢ ᠰᠢᠷᠳᠠᠨ ᠨᠤᠳᠤᠭ ᠶᠢᠡᠨ ᠰᠠᠨᠠᠨ᠎ᠠ
ᠳᠡᠭᠦᠨ ᠲᠡᠶ ᠪᠠᠨ ᠠᠷᠪᠠᠨ ᠨᠢᠭᠡᠨ ᠨᠤᠮᠸᠷ ᠶᠢᠡᠷ ᠶᠠᠷᠢᠨ᠎ᠠ
ᠨᠢᠭᠤᠴᠠ ᠳᠤᠪᠴᠢᠶᠠᠨ ᠤ ᠨᠢᠭᠤᠴᠠ ᠨᠢ ᠬᠠᠮᠢᠭ᠎ᠠ ᠨᠢ ᠪᠠᠢ᠌ᠨ᠎ᠠ
ᠨᠢᠷᠤᠭᠤᠨ ᠮᠤᠩᠭ᠋ᠤᠯ ᠤᠨ ᠪᠢᠯᠢᠭ᠌ ᠨᠢ ᠬᠠᠮᠢᠭ᠎ᠠ ᠨᠢ ᠪᠠᠢ᠌ᠨ᠎ᠠ
ᠨᠢᠭᠤᠯᠳᠠ ᠦᠭᠡᠶ ᠭᠡᠨ ᠨᠠᠳᠠᠳᠤ ᠬᠠᠷᠢᠭᠤᠯᠤᠨ᠎ᠠ ︖
ᠨᠤᠮ ᠤᠨ ᠣᠪᠣᠭᠠᠨ ᠡᠴᠠ ᠪᠢ ᠡᠷᠢᠨ᠎ᠡ
ᠲ᠋ᠡᠭᠦᠰᠭᠦ ᠥᠭᠦᠯᠡᠯ ᠪᠢᠴᠢᠭᠦ ᠭᠡᠳ
ᠳᠡᠭᠦᠰᠭᠦ ᠦᠭᠡᠶ ᠦᠯᠢᠭᠡᠷ ᠨᠠᠢ᠌ᠷᠠᠭᠯᠠᠵᠤ ᠰᠠᠭᠤᠨ᠎ᠠ
ᠳᠤᠤᠷ ᠰᠦᠯᠵᠢᠶᠠᠨ ᠳᠡᠭᠡᠷ᠎ᠡ
ᠳᠤᠭᠤᠭᠰᠠᠨ ᠭᠡᠳᠤ ᠲᠡᠶ ᠪᠠᠨ ᠳᠤᠭᠯᠠᠵᠤ ᠰᠠᠭᠤᠨ᠎ᠠ
ᠲ᠋ᠤᠮᠤ ᠭᠦᠮᠤᠨ ᠢ ᠳᠠᠭᠤᠷᠢᠶᠠᠵᠤ ᠭᠡᠯᠡᠵᠤ ᠰᠤᠷᠤᠨ᠎ᠠ
ᠳᠤᠯᠢ ᠪᠢᠴᠢᠭ᠌ ᠶᠢᠡᠨ ᠭᠠᠷᠭᠠᠵᠤ ᠡᠷᠢᠵᠤ ᠰᠤᠷᠤᠨ᠎ᠠ
ᠳᠠᠯᠠᠢ ᠪᠡᠨ ᠳᠠᠰᠤᠷᠠᠳᠠᠯ᠎ᠠ ᠪᠦᠵᠢᠭᠯᠡᠵᠤ ᠰᠤᠷᠤᠨ᠎ᠠ
ᠳᠡᠩᠭᠡᠭᠡ ᠪᠠᠨ ᠪᠠᠷᠠᠳᠠᠯ᠎ᠠ ᠠᠷᠢᠭᠢᠳᠠᠵᠤ ᠰᠤᠷᠤᠨ᠎ᠠ
ᠣᠶᠤᠳᠠᠨ ᠠᠮᠢᠳᠤᠷᠠᠯ ᠶᠢᠡᠨ ᠳ᠋ᠦ᠋ᠩᠨᠠᠵᠤ ᠦᠵᠠᠪᠠᠯ
ᠣᠯᠤᠭᠰᠠᠨ ᠨᠢ ᠪᠠᠭ᠎ᠠ ᠠᠯᠳᠠᠭᠰᠠᠨ ᠨᠢ ᠶᠡᠭᠡ
ᠣᠤᠭᠤᠭᠰᠠᠨ ᠠᠷᠢᠭᠢ ᠪᠠᠨ ᠵᠢᠩᠯᠠᠵᠤ ᠦᠵᠠᠪᠠᠯ
ᠣᠷᠤᠰᠬᠤ ᠭᠤᠤᠯ ᠡᠴᠠ ᠭᠤᠷᠪᠠᠨ ᠯᠠᠩ ᠳᠤᠳᠠᠭᠤ ᠁
ᠵᠤᠬᠢᠶᠠᠭᠴᠢ ᠶᠢᠨ ᠬᠠᠶᠢᠭ ᠄ ᠭᠦᠯᠤᠨ ᠪᠣᠢ᠌ᠷ ᠬᠤᠳᠠ ᠶᠢᠨ ᠰᠢᠨ᠎ᠡ ᠪᠠᠷᠭᠤ ᠵᠡᠭᠦᠨ ᠬᠤᠰᠢᠭᠤᠨ ᠤ ᠠᠵᠢᠯ ᠮᠡᠷᠭᠡᠵᠢᠯ ᠤᠨ ᠳᠤᠮᠳᠠᠳᠤ ᠰᠤᠷᠭᠠᠭᠤᠯᠢ
ᠵᠤᠬᠢᠶᠠᠭᠴᠢ᠄ ᠪᠣᠷᠵᠢᠭᠢᠨ ᠷᠢᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 13375
ᠴᠠᠭ᠄ 2013 ᠤᠨ ᠤ 06 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ