ᠨᠡᠪᠲᠡᠷᠡᠨ ᠤᠷᠤᠬᠤ
ᠭᠠᠷ ᠤᠳᠠᠰᠤ ᠶᠢ ᠪᠡᠶ᠎ᠡ ᠡᠴᠡ ᠪᠠᠨ ᠬᠤᠯᠠ ᠪᠠᠢ᠌ᠯᠭᠠᠭᠠᠷᠠᠢ

ᠭᠠᠷ ᠣᠳᠠᠰᠤ ᠬᠤᠳᠠᠯᠳᠤᠨ ᠠᠪᠣᠭᠰᠠᠨ ᠤ ᠳᠠᠷᠠᠭ᠎ᠠ ᠳᠡᠷᠡᠭᠦ ᠵᠤᠪ ᠵᠤᠵᠠᠭᠠᠨ ᠳᠤᠳᠤᠷᠬᠠᠢ᠌ᠯᠠᠯᠳᠠ ᠶᠢᠨ ᠪᠢᠴᠢᠭ᠌ ᠢ ᠨᠢᠭᠡᠤᠨ ᠨᠢᠭᠡ ᠪᠠᠷ ᠣᠩᠰᠢᠬᠤ ᠭᠦᠮᠤᠨ ᠴᠤᠬᠤᠮ ᠭᠡᠳᠤ ᠪᠠᠢ᠌ᠳᠠᠭ ᠪᠣᠯ︖ ᠠᠩᠭ᠍ᠯᠢ ᠶᠢᠨ ᠮᠡᠳᠡᠭᠡ ᠴᠢᠮᠡᠭᠡᠯᠡᠯ ᠤᠨ ᠠᠵᠢᠯ ᠲᠦᠷᠦᠯ ᠤᠨ ᠭᠢᠨᠠᠨ ᠬᠠᠮᠢᠶᠠᠷᠤᠯᠳᠠ ᠶᠢᠨ ᠵᠤᠬᠢᠶᠠᠨ ᠪᠠᠢ᠌ᠭᠤᠯᠤᠯᠳᠠ ᠶᠢᠨ Powerwatch᠂ ᠴᠥᠭᠡᠨ ᠪᠣᠰᠤ ᠭᠠᠷ ᠣᠳᠠᠰᠤ ᠥᠢᠯᠡᠳᠪᠦᠷᠢᠯᠡᠭ᠍ᠴᠢ ᠳᠤᠳᠤᠷᠬᠠᠢ᠌ᠯᠠᠯᠳᠠ ᠶᠢᠨ ᠪᠢᠴᠢᠭ᠌ ᠲᠡᠭᠡᠨ ᠭᠦᠮᠦᠰ ᠢ ᠭᠠᠷ ᠣᠳᠠᠰᠤ ᠶᠢ ᠪᠠᠶ᠎ᠠ ᠡᠴᠡ ᠪᠠᠨ ᠬᠤᠯᠠ ᠪᠠᠢ᠌ᠯᠭᠠᠭᠠᠷᠠᠢ ᠭᠡᠵᠤ ᠰᠠᠨᠠᠭᠤᠯᠤᠭᠰᠠᠨ ᠪᠠᠢ᠌ᠳᠠᠭ᠂ ᠭᠡᠪᠠᠴᠤ ᠡᠨᠡᠭᠦ ᠰᠡᠷᠡᠮᠵᠢᠯᠡᠭᠦᠯᠦᠯ ᠢ ᠪᠠᠭ᠎ᠠ ᠨᠤᠮᠸᠷᠳᠤ ᠥᠰᠦᠭ᠌ ᠶᠢᠡᠷ ᠳᠠᠷᠤᠮᠯᠠᠭᠰᠠᠨ ᠡᠴᠡ ᠡᠩ ᠤᠨ ᠭᠡᠷᠡᠭᠯᠡᠭ᠍ᠴᠢ ᠳᠠᠮᠠᠢ ᠠᠩᠬᠠᠷᠳᠠᠭ ᠦᠭᠡᠶ᠃

ᠰᠠᠨᠠᠭᠤᠯᠤᠮᠵᠢ Powerwatch᠂ ᠡᡁᠸᠢ᠌ᠮᠸᠢ᠂ iPhone᠂ ᠨᠤᠺᠢᠶ᠎ᠠ ᠵᠡᠷᠭᠡ ᠭᠠᠷ ᠣᠳᠠᠰᠤ ᠶᠢᠨ ᠳᠤᠳᠤᠷᠬᠠᠢ᠌ᠯᠠᠯᠳᠠ ᠶᠢᠨ ᠪᠢᠴᠢᠭ᠌ ᠲᠤ ᠪᠦᠷ ᠬᠠᠮᠢᠶ᠎ᠠ ᠪᠦᠭᠦᠢ ᠰᠠᠨᠠᠭᠤᠯᠤᠮᠵᠢ ᠪᠣᠢ᠃ ᠡᡁᠸᠢ᠌ᠮᠸᠢ ᠭᠠᠷ ᠣᠳᠠᠰᠤ ᠶᠢᠨ ᠳᠤᠳᠤᠷᠬᠠᠢ᠌ᠯᠠᠯᠳᠠ ᠶᠢᠨ ᠪᠢᠴᠢᠭ᠌ ᠲᠤ᠂ ᠪᠣᠯᠤᠯᠴᠠᠭ᠎ᠠ ᠲᠡᠶ ᠪᠣᠯ ᠴᠢᠩᠨᠠᠭᠤᠷ ᠦᠭᠡᠶ ᠪᠠᠷ ᠶᠠᠷᠢᠯᠴᠠᠵᠤ ᠪᠣᠯᠤᠨ᠎ᠠ ᠭᠡᠵᠤ ᠪᠢᠴᠢᠵᠤ ᠪᠠᠢ᠌ᠨ᠎ᠠ᠃ ᠭᠠᠷ ᠣᠳᠠᠰᠤ ᠶᠢ ᠨᠡᠭᠡᠭᠡᠭᠦ ᠵᠢᠴᠢ ᠣᠳᠠᠰᠤ ᠦᠭᠡᠶ ᠰᠦᠯᠵᠢᠶ᠎ᠠ ᠳᠤ ᠵᠠᠯᠭᠠᠬᠤ ᠦᠶᠡᠰ᠂ ᠨᠠᠭᠠᠳᠤ ᠵᠠᠬ᠎ᠠ ᠳᠠᠭᠠᠨ ᠪᠠᠶ᠎ᠠ ᠡᠴᠡ ᠪᠠᠨ 0.98 ᠢᠠᠴ (25 ᠮᠢᠯᠢᠮᠸᠲ᠋ᠷ) ᠵᠠᠢ ᠲᠡᠶ ᠪᠠᠢ᠌ᠯᠭᠠᠬᠤ ᠭᠡᠷᠡᠭ᠍ᠳᠡᠢ᠃ ᠥᠭᠡ ᠶᠠᠷᠢᠯᠴᠠᠬᠤ ᠴᠠᠭ ᠶᠢᠡᠨ ᠪᠠᠭᠠᠰᠬᠠᠬᠤ ᠭᠡᠷᠡᠭ᠍ᠳᠡᠢ᠃ Apple ᠺᠤᠮᠫᠠᠨᠢ ᠶᠢᠨ iPhone ᠶᠢᠨ ᠳᠤᠳᠤᠷᠬᠠᠢ᠌ᠯᠳᠠ ᠶᠢᠨ ᠪᠢᠴᠢᠭ᠌ ᠲᠤ᠂ ᠣᠳᠠᠰᠤ ᠳᠤᠰᠬᠤ ᠪᠣᠶᠤ ᠣᠳᠠᠰᠤ ᠦᠭᠡᠶ ᠰᠦᠯᠵᠢᠶ᠎ᠠ ᠶᠢᠨ ᠳᠤᠭ᠎ᠠ ᠪᠠᠷᠢᠮᠳᠠ ᠶᠢ ᠭᠦᠯᠢᠶᠡᠨ ᠠᠪᠬᠤ ᠳᠠᠭᠠᠨ ᠭᠠᠷ ᠣᠳᠠᠰᠤ ᠶᠢ ᠪᠠᠶ᠎ᠠ ᠡᠴᠡ ᠪᠠᠨ ᠨᠠᠭᠠᠳᠤ ᠵᠠᠬ᠎ᠠ ᠳᠠᠭᠠᠨ 15 ᠮᠢᠯᠢᠮᠸᠲ᠋ᠷ ᠵᠠᠢ᠌ᠳᠠᠢ ᠪᠠᠢ᠌ᠯᠭᠠᠬᠤ ᠭᠡᠷᠡᠭ᠍ᠳᠡᠢ ᠭᠡᠵᠤ ᠬᠤᠶᠠᠷ ᠭᠠᠵᠠᠷ ᠪᠢᠴᠢᠵᠤ ᠪᠣᠢ᠃ Powerwatch᠂ ᠡᠳᠡᠭᠡᠷ ᠰᠠᠨᠠᠭᠤᠯᠭ᠎ᠠ ᠶᠢ ᠭᠡᠳᠥᠢᠪᠠᠷ ᠳᠤᠳᠤᠷᠬᠠᠢ᠌ᠯᠠᠯᠳᠠ ᠶᠢᠨ ᠪᠢᠴᠢᠭ᠌ ᠲᠤ ᠪᠢᠴᠢᠵᠤ ᠪᠠᠢ᠌ᠪᠠᠴᠤ ᠪᠦᠷ ᠪᠠᠭ᠎ᠠ ᠨᠤᠮᠸᠷᠳᠤ ᠥᠰᠦᠭ᠌ ᠶᠢᠡᠷ ᠪᠢᠴᠢᠭ᠍ᠰᠡᠨ ᠳᠤᠯᠠ ᠭᠦᠮᠦᠰ ᠲᠤ ᠳᠠᠮᠠᠢ ᠠᠩᠬᠠᠷᠤᠭᠳᠠᠬᠤ ᠦᠭᠡᠶ ᠪᠠᠢ᠌ᠨ᠎ᠠ ᠭᠡᠪᠡ᠃

ᠠᠩᠬᠠᠷᠬᠤ ᠴᠢᠬᠤᠯᠠᠳᠠᠢ ᠵᠣᠢ᠌ᠯ Powerwatch ᠶᠢᠨ ᠠᠯᠠᠰᠳᠠᠷ ᠊᠊᠊᠊᠊᠊᠊᠊᠊᠊᠊᠊᠊᠊᠊ ᠹᠧᠢ᠌ᠯᠢᠹᠤᠰᠧ᠄ 《ᠣᠯᠠᠩᠭᠢ ᠭᠦᠮᠤᠨ ᠡᠨᠡᠭᠦ ᠰᠡᠷᠡᠮᠵᠢᠯᠡᠭᠦᠯᠦᠯ ᠢ ᠮᠡᠳᠡᠭᠦ ᠦᠭᠡᠶ ᠪᠠᠢ᠌ᠨ᠎ᠠ᠃ ᠥᠢᠯᠤᠨᠪᠦᠷᠢᠯᠡᠭ᠍ᠴᠢ ᠡᠨᠠ ᠰᠡᠷᠡᠮᠵᠢᠯᠡᠭᠦᠯᠦᠯ ᠢ ᠪᠣᠭᠤᠳᠠᠯ ᠳᠡᠭᠡᠷ᠎ᠡ ᠪᠣᠶᠤ ᠳᠤᠳᠤᠷᠬᠠᠢ᠌ᠯᠠᠯᠳᠠ ᠶᠢᠨ ᠪᠢᠴᠢᠭ᠌ ᠤᠨ ᠢᠯᠠ ᠭᠠᠵᠠᠷ ᠪᠢᠴᠢᠪᠠᠯ ᠵᠤᠭᠢᠨ᠎ᠠ》 ᠭᠡᠵᠤ ᠭᠡᠯᠡᠭ᠍ᠰᠡᠨ ᠪᠦᠭᠡᠤᠨ ᠠᠷᠠᠤᠨ ᠣᠯᠠᠨ ᠳᠤ ᠠᠮᠤᠷ ᠲᠦᠪᠰᠢᠨ ᠶᠢᠡᠷ ᠭᠠᠷ ᠣᠳᠠᠰᠤ ᠭᠡᠷᠡᠭᠯᠡᠭᠦ ᠮᠡᠳᠡᠯᠭᠡ ᠶᠢ ᠳᠦᠭᠡᠮᠡᠯᠵᠢᠯᠡᠭᠦᠯᠪᠠᠯ ᠵᠤᠭᠢᠨ᠎ᠠ ᠭᠡᠵᠤ ᠦᠵᠡᠵᠤ ᠪᠣᠢ᠃ ᠹᠧᠢ᠌ᠯᠢᠹᠤᠰᠧ᠂ ᠭᠠᠷ ᠣᠳᠠᠰᠤ ᠶᠢᠨ ᠥᠢᠯᠡᠳᠪᠦᠷᠢᠯᠡᠭ᠍ᠴᠢ ᠶᠢᠨ ᠳᠤᠷᠠᠳᠤᠭᠰᠠᠨ ᠠᠮᠤᠷ ᠲᠦᠪᠰᠢᠨ ᠤ ᠰᠠᠨᠠᠭᠤᠯᠤᠮᠵᠢ ᠨᠢ ᠭᠤᠤᠯᠳᠠᠭᠤ ᠰᠠᠴᠤᠷᠠᠭ ᠢ ᠪᠠᠭᠠᠰᠬᠠᠬᠤ ᠰᠠᠨᠠᠭᠤᠯᠤᠮᠵᠢ ᠪᠣᠯᠤᠨ᠎ᠠ᠃ ᠰᠠᠴᠤᠷᠠᠭ ᠨᠢ ᠭᠦᠮᠤᠨ ᠤ ᠪᠠᠶ᠎ᠠ ᠶᠢᠨ ᠨᠡᠭᠡᠳᠡᠰᠤ ᠶᠢᠨ ᠬᠠᠯᠠᠭᠤᠨ ᠤ ᠭᠡᠮᠵᠢᠶ᠎ᠡ ᠶᠢ ᠳᠡᠭᠡᠭ᠍ᠰᠢᠯᠡᠭᠦᠯᠳᠡᠭ᠌᠂ ᠵᠠᠷᠢᠮ ᠰᠤᠳᠤᠯᠭᠠᠨ ᠳᠤ ᠴᠢᠨᠠᠭᠰᠢᠯᠠᠪᠠᠯ ᠭᠠᠷ ᠣᠳᠠᠰᠤ ᠨᠢ ᠳᠠᠷᠢᠭᠢᠨ ᠬᠠᠪᠣᠳᠠᠷ ᠡᠭᠦᠰᠭᠡᠵᠤ ᠮᠠᠳᠠᠨ᠎ᠠ ᠭᠡᠵᠤ ᠰᠡᠵᠢᠭᠯᠡᠵᠤ ᠪᠣᠢ᠃ ᠹᠧᠢ᠌ᠯᠢᠹᠤᠰᠧ᠂ ᠴᠡᠭᠡᠵᠢᠨ ᠤ ᠭᠡᠰᠡᠭ᠌᠂ ᠨᠢᠳᠤ᠂ ᠲᠦᠮᠦᠰᠦ᠂ ᠡᠯᠢᠭᠡ᠂ ᠪᠦᠭᠡᠷ᠎ᠡ᠂ ᠵᠢᠷᠦᠭᠡ ᠵᠡᠷᠭᠡ ᠨᠢ ᠠᠮᠠᠷᠬᠠᠨ ᠰᠠᠴᠤᠷᠠᠭ ᠢ ᠰᠢᠩᠭᠡᠭᠡᠵᠤ ᠠᠪᠳᠠᠭ᠃ ᠡᠢ᠌ᠮᠤ ᠡᠴᠡ ᠭᠠᠷ ᠣᠳᠠᠰᠤ ᠡᠴᠡ ᠬᠤᠯᠠ ᠪᠠᠢ᠌ᠬᠤ ᠭᠡᠷᠡᠭ᠍ᠳᠡᠢ᠃ ᠵᠢᠷᠮᠦᠰᠦᠯᠡᠭ᠍ᠰᠡᠨ ᠤ ᠳᠠᠷᠠᠭᠠᠭᠢ 6 ᠰᠠᠷ᠎ᠠ ᠶᠢᠨ ᠳᠤᠳᠤᠷ᠎ᠠ ᠭᠠᠷ ᠣᠳᠠᠰᠤ ᠭᠡᠷᠡᠭᠯᠡᠭᠦ ᠳᠡᠭᠡᠨ ᠭᠡᠪᠠᠯᠢ ᠶᠢᠨ ᠭᠡᠰᠡᠭ᠌ ᠡᠴᠡ ᠪᠠᠨ ᠵᠠᠢ᠌ᠳᠠᠢ ᠪᠠᠢ᠌ᠯᠭᠠᠵᠤ᠂ ᠭᠡᠦᠭᠡᠢ ᠳᠤ ᠮᠠᠭᠤ ᠨᠥᠯᠦᠭᠡ ᠥᠵᠡᠭᠦᠯᠭᠦ ᠶᠢ ᠰᠡᠷᠭᠡᠢ᠌ᠯᠡᠭᠦ ᠭᠡᠷᠡᠭ᠍ᠳᠡᠢ ᠭᠡᠰᠡᠨ ᠪᠠᠢ᠌ᠨ᠎ᠠ᠃

ᠮᠠᠷᠭᠤᠭᠠᠨ ᠲᠡᠶ ᠠᠰᠠᠭᠤᠳᠠᠯ ᠠᠩᠭ᠍ᠯᠢ ᠶᠢᠨ ᠺᠠᠯᠦ᠋ᠸᠧᠯᠢᠨ ᠊᠊᠊᠊᠊᠊᠊᠊᠊᠊᠊᠊᠊᠊᠊ ᠯᠥᠺᠠᠰᠧ᠄ 《ᠪᠢᠳᠠ ᠠᠷᠠᠤᠨ ᠲᠦᠮᠡᠨ ᠳᠤ ᠳᠠᠪᠰᠢᠭᠰᠠᠨ ᠮᠡᠷᠭᠡᠵᠢᠯ ᠤᠨ ᠥᠵᠡᠭᠦᠯᠭᠦ ᠪᠣᠯᠤᠯᠴᠠᠭ᠎ᠠ ᠪᠦᠭᠦᠢ ᠠᠶᠤᠯ ᠳᠦᠭ᠍ᠰᠢᠭᠦᠷᠢ ᠶᠢ ᠮᠡᠳᠡᠭᠦᠯᠵᠤ᠂ ᠳᠠᠳᠠᠨ ᠳᠤ ᠳᠤᠳᠤᠷᠬᠠᠢ ᠵᠢᠭᠠᠨ ᠵᠢᠯᠤᠭᠤᠳᠤᠯᠭ᠎ᠠ ᠭᠢᠵᠤ᠂ ᠠᠮᠤᠷ ᠲᠦᠪᠰᠢᠨ ᠢ ᠨᠢ ᠪᠠᠳᠤᠯᠠᠬᠤ ᠭᠡᠷᠡᠭ᠍ᠳᠡᠢ᠃ ᠢᠩᠭᠢᠪᠠᠯ ᠰᠠ‍‌ᠶᠢ ᠬᠠᠮᠤᠭ ᠪᠠᠭ᠎ᠠ ᠠᠶᠤᠯ ᠳᠦᠭ᠍ᠰᠢᠭᠦᠷᠢ ᠪᠠᠷ ᠰᠢᠨ᠎ᠠ ᠮᠡᠷᠭᠡᠵᠢᠯ ᠤᠨ ᠬᠠᠮᠤᠭ ᠶᠡᠭᠡ ᠠᠰᠢᠭ ᠳᠤᠰᠠ ᠶᠢ ᠭᠦᠷᠳᠡᠵᠤ ᠴᠢᠳᠠᠬᠤ ᠪᠣᠯᠤᠨ᠎ᠠ᠃》 ᠭᠠᠷ ᠣᠳᠠᠰᠤ ᠶᠢᠨ ᠥᠢᠯᠡᠳᠪᠦᠷᠢᠯᠡᠭ᠍ᠴᠢ ᠶᠢᠨ ᠶᠠᠷᠢᠶᠠᠨ ᠤ ᠳᠠᠪᠴᠠᠩ ᠳᠡᠭᠡᠷ᠎ᠡ ᠮᠠᠢ᠌ᠺᠧᠷ ᠊᠊᠊᠊᠊᠊᠊᠊᠊᠊᠊᠊᠊᠊᠊ ᠮᠢᠯᠢᠭᠧᠨ᠄ 《ᠭᠠᠷ ᠣᠳᠠᠰᠤ ᠭᠡᠷᠡᠭᠯᠡᠭᠦ ᠳᠡᠭᠡᠨ ᠵᠤᠭᠢᠬᠤ ᠵᠠᠢ ᠶᠢ ᠠᠩᠬᠠᠷᠤᠨ᠎ᠠ ᠭᠡᠵᠤ ᠵᠤᠪᠠᠭᠰᠠᠨ ᠤ ᠴᠢᠬᠤᠯᠠ ᠦᠭᠡᠶ᠂ ᠭᠠᠷ ᠣᠳᠠᠰᠤ ᠳᠦᠰᠦᠪᠯᠡᠭᠦ ᠳᠡᠭᠡᠨ ᠰᠠᠴᠤᠷᠠᠭ ᠤᠨ ᠨᠥᠯᠦᠭᠡ ᠶᠢ ᠪᠣᠳᠤᠯᠭᠢᠯᠠᠭᠰᠠᠨ ᠪᠠᠢ᠌ᠬᠤ ᠶᠤᠮ᠃ ᠳᠤᠳᠤᠭᠠᠳᠤ ᠳᠤ ᠨᠢ ᠳᠤᠭᠢᠷᠠᠭᠤᠯᠤᠭᠰᠠᠨ ᠠᠠᠲ᠋ᠢᠨ᠎ᠠ ᠶᠢᠨ ᠵᠠᠢ ᠨᠢ ᠵᠤᠭᠢᠰᠳᠠᠢ ᠶᠤᠮ᠂ ᠭᠠᠷ ᠣᠳᠠᠰᠤ ᠶᠢ ᠳᠤᠯᠤᠭᠠᠢ ᠳᠠᠭᠠᠨ ᠨᠠᠭᠠᠯᠳᠤᠭᠤᠯᠵᠤ ᠳᠤᠰᠤᠭᠰᠠᠨ ᠴᠤ ᠠᠠᠲ᠋ᠢᠨ᠎ᠠ ᠶᠢᠨ ᠵᠠᠢ ᠨᠢ ᠮᠦᠨ ᠠᠮᠤᠷ ᠲᠦᠪᠰᠢᠨ ᠭᠡᠪᠴᠢᠶᠡᠨ ᠳᠤ ᠪᠠᠢ᠌ᠳᠠᠭ᠃ ᠶᠠᠮᠠᠷ ᠴᠤ ᠮᠠᠶ‍ᠢᠭ ᠤᠨ ᠭᠠᠷ ᠣᠳᠠᠰᠤ ᠶᠢ ᠥᠢᠯᠡᠳᠪᠦᠷᠢᠯᠡᠭᠦ ᠳᠤ ᠪᠦᠷ ᠳᠠᠭᠢᠨ ᠳᠠᠪᠳᠠᠨ ᠭᠡᠮᠵᠢᠯᠳᠡ ᠭᠢᠵᠤ᠂ ᠰᠠᠴᠤᠷᠠᠭ ᠤᠨ ᠨᠥᠯᠦᠭᠡᠯᠡᠯ ᠢ ᠣᠯᠠᠨ ᠣᠯᠤᠰ ᠪᠣᠯᠤᠨ ᠣᠯᠤᠰ ᠤᠨ ᠳᠤᠳᠤᠭᠠᠳᠤ ᠶᠢᠨ ᠪᠠᠷᠢᠮᠵᠢᠶ᠎ᠠ ᠳᠤ ᠨᠡᠢ᠌ᠴᠡᠭᠦ ᠶᠢ ᠪᠠᠳᠤᠯᠠᠭᠠᠤᠨ ᠰᠠ‍‌ᠶᠢ ᠵᠠᠬ᠎ᠠ ᠳᠤ ᠪᠣᠷᠤᠯᠠᠭᠤᠯᠳᠠᠭ᠃》 ᠭᠡᠪᠠᠴᠤ ᠵᠠᠷᠢᠮ ᠭᠦᠮᠤᠨ ᠪᠠᠰᠠ ᠰᠢᠨ᠎ᠠ ᠭᠡᠯᠪᠠᠷᠢ ᠶᠢᠨ ᠨᠢᠮᠭᠡᠨ ᠭᠠᠷ ᠣᠳᠠᠰᠤ ᠮᠡᠡᠳᠦᠯᠡᠭᠦ ᠶᠢ ᠳᠠᠭᠠᠯᠳᠤᠨ ᠠᠠᠲ᠋ᠢᠨ᠎ᠠ ᠪᠣᠯᠤᠨ ᠭᠦᠮᠤᠨ ᠤ ᠪᠠᠶ᠎ᠠ ᠶᠢᠨ ᠬᠤᠭᠤᠷᠤᠠᠳᠤᠭᠢ ᠵᠠᠢ ᠣᠯᠠᠮ ᠡᠴᠡ ᠣᠯᠠᠮ ᠣᠢ᠌ᠷ᠎ᠠ ᠪᠣᠯᠵᠤ ᠪᠠᠢ᠌ᠨ᠎ᠠ ᠭᠡᠵᠤ ᠰᠠᠨᠠᠭᠠᠰᠢᠷᠠᠵᠤ ᠪᠠᠢ᠌ᠨ᠎ᠠ᠃

ᠵᠤᠬᠢᠶᠠᠭᠴᠢ ᠶᠢᠨ ᠬᠠᠶ‍ᠢᠭ ᠄ ᠣᠯᠠᠭᠠᠠᠴᠠᠪ ᠬᠤᠳᠠ ᠶᠢᠨ ᠳᠦᠷᠪᠡᠤᠨ ᠬᠤᠰᠢᠭᠤᠨ ᠤ ᠰᠤᠷᠭᠠᠨ ᠭᠦᠮᠦᠵᠢᠯ ᠤᠨ ᠳᠤᠪᠴᠢᠶ᠎ᠠ ᠶᠢᠨ ᠵᠢᠭᠠᠬᠤ ᠶᠢ ᠰᠤᠳᠤᠯᠬᠤ ᠳᠠᠰᠤᠭ


ᠵᠤᠬᠢᠶᠠᠭᠴᠢ᠄ ᠪᠠ᠊ · ᠷᠢᠨᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠨᠵᠢᠯᠡᠭᠡ ᠮᠡᠷᠭᠡᠵᠢᠯ
ᠳᠠᠷᠤᠮ᠄ 10502
ᠴᠠᠭ᠄ 2010 ᠤᠨ ᠤ 10 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ