ᠨᠡᠪᠲᠡᠷᠡᠨ ᠤᠷᠤᠬᠤ
ᠡᠴᠢᠭᠡ ᠳᠡᠭ᠍ᠷᠢ ᠡᠭᠡ ᠭᠠᠵᠠᠷ

ᠠᠮᠢᠰᠬᠤᠯᠯᠠᠬᠤ ᠠᠭᠠᠷ ᠦᠭ‍ᠭᠦᠭ᠍ᠰᠡᠨ ᠡᠴᠢᠭᠡ ᠳᠡᠭ᠍ᠷᠢ

ᠠᠮᠢᠳᠤᠷᠠᠭᠠᠤᠨ ᠶᠠᠪᠣᠬᠤ ᠳᠤ ᠬᠤᠯᠠ ᠶᠢ ᠬᠠᠷᠠᠬᠤ ᠠᠭᠤᠯᠠ ᠦᠭ‍ᠭᠦᠭ᠍ᠰᠡᠨ ᠡᠭᠡ ᠭᠠᠵᠠᠷ

ᠳᠠᠪᠠᠯ ᠠᠳᠠᠯᠢ ᠨᠥᠮᠵᠦᠭ᠌ ᠭᠦᠭᠡ ᠳᠡᠭ᠍ᠷᠢ ᠳ᠋ᠡᠭᠡᠨ

ᠳᠤᠪᠴᠢ ᠰᠢᠯᠪᠢ ᠮᠠᠳᠤ ᠭᠡᠷᠡᠯᠳᠦᠭᠦ ᠣᠳᠤᠳ ᠦᠭ‍ᠭᠦᠭ᠍ᠰᠡᠨ ᠡᠴᠢᠭᠡ ᠳᠡᠭ᠍ᠷᠢ

ᠳᠠᠷᠠᠰᠤᠨ ᠨᠠᠮᠠᠭ᠎ᠠ ᠪᠠᠷ ᠴᠤ ᠬᠤᠭᠤᠷᠳᠠᠨ

ᠢᠷᠡᠭᠦ ᠨᠠᠮᠤᠷ ᠢ ᠭᠡᠭᠡᠯᠵᠡᠭᠦᠯᠭᠦ ᠭᠤᠪᠢ ᠳᠠᠯ᠎ᠠ ᠦᠭ‍ᠭᠦᠭ᠍ᠰᠡᠨ ᠡᠭᠡ ᠭᠠᠵᠠᠷ

ᠴᠠᠭᠢᠯᠭᠠᠨ ᠪᠣᠷᠤᠭ᠎ᠠ᠂ ᠴᠠᠰᠤ ᠮᠦᠰᠤ ᠦᠭ‍ᠭᠦᠭ᠍ᠰᠡᠨ ᠡᠴᠢᠭᠡ ᠳᠡᠭ᠍ᠷᠢ

ᠴᠠᠭᠴᠠᠬᠠᠢ ᠪᠦᠷᠭᠦᠤᠨ᠂ ᠮᠤᠷᠢ ᠬᠤᠨᠢ ᠵᠢᠭᠠᠰᠤ ᠮᠡᠯᠡᠭᠡᠢ ᠦᠭ‍ᠭᠦᠭ᠍ᠰᠡᠨ ᠡᠭᠡ ᠭᠠᠵᠠᠷ

ᠵᠦᠪ ᠤᠨ ᠮᠠᠯᠮᠠᠢ ᠠᠷᠢᠭᠤᠰᠬᠠᠬᠤ ᠶ‍ᠢᠰᠤᠨ ᠰᠠᠴᠤᠯᠢ ᠶᠢᠨ ᠰᠥ᠋ ᠦᠭ‍ᠭᠦᠭ᠍ᠰᠡᠨ ᠡᠴᠢᠭᠡ ᠲᠩᠷᠢ

ᠪᠣᠷᠤᠭᠤ ᠭᠢᠰᠭᠢᠭᠦ ᠳᠤ ᠵᠥᠭᠡᠯᠡᠨ ᠨᠢᠳᠤᠷᠠᠬᠤ ᠳᠠᠷᠨᠢᠰ ᠤᠨ ᠴᠢᠯᠠᠭᠤᠳ ᠦᠭ‍ᠭᠦᠭ᠍ᠰᠡᠨ ᠡᠭᠡ ᠭᠠᠵᠠᠷ

ᠳᠠᠭᠤᠤ ᠦᠭ‍ᠭᠦᠨ ᠭᠦᠰᠡᠯ ᠬᠠᠢ᠌ᠷ᠎ᠠ ᠳᠦᠷᠦᠭᠦᠯᠭᠦ ᠡᠷᠴᠢᠮ ᠭᠦᠴᠤ ᠥᠭ᠍ᠳᠡᠭ᠌ ᠡᠴᠢᠭᠡ ᠳᠡᠭ᠍ᠷᠢ

ᠳᠤᠷᠠᠯᠠᠯ ᠳᠦᠷᠦᠭᠦᠯᠤᠨ ᠬᠡᠦᠬᠡᠳ ᠢᠨᠢᠶᠡᠯᠭᠡᠭᠦ ᠡᠵᠢ ᠠᠪᠣ ᠥᠭ᠍ᠳᠡᠭ᠌ ᠡᠭᠡ ᠭᠠᠵᠠᠷ

ᠳᠤᠳᠠᠬᠤ ᠶᠠᠭᠤᠮ᠎ᠠ ᠦᠭᠡᠶ ᠲᠤᠢ᠌ᠯᠬᠤ ᠪᠦᠭᠦᠨ ᠢ ᠦᠭ‍ᠭᠦᠭ᠍ᠰᠡᠨ ᠳ᠋ᠡᠭ᠍ᠡᠨ

ᠰᠠᠯᠭᠢᠯᠠᠭᠰᠠᠭᠠᠷ ᠪᠠᠢ᠌ᠭ᠎ᠠ ᠡᠴᠢᠭᠡ ᠳᠡᠭ᠍ᠷᠢ

ᠳᠤᠳᠠᠭᠤ ᠯᠠ ᠪᠠᠢ᠌ᠨ᠎ᠠ ᠭᠡᠵᠤ ᠭᠠᠰᠠᠯᠠᠨ ᠴᠥᠯᠮᠦᠭᠦ ᠦᠷ᠎ᠡ ᠲᠡᠶ ᠪᠠᠢ᠌ᠳᠠᠭ ᠳᠠᠭᠠᠨ

ᠭᠠᠩᠳᠠᠭᠰᠠᠭᠠᠷ ᠪᠠᠢ᠌ᠭ᠎ᠠ ᠡᠭᠡ ᠭᠠᠵᠠᠷ ᠡ


ᠵᠤᠬᠢᠶᠠᠭᠴᠢ ᠶᠢᠨ ᠬᠠ‍‌ᠶᠢᠭ ᠄ ᠪᠠᠷᠠᠭᠤᠨ ᠪᠠᠭᠠᠷᠢᠨ

ᠵᠤᠬᠢᠶᠠᠭᠴᠢ᠄ ᠫᠣ·ᠰᠠᠨᠠᠭᠠᠷᠠᠪᠣᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2636
ᠴᠠᠭ᠄ 2010 ᠤᠨ ᠤ 12 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ