ᠨᠡᠪᠲᠡᠷᠡᠨ ᠤᠷᠤᠬᠤ
ᠰᠡᠳᠬᠢᠯ ᠳᠤ ᠲᠤᠭᠤᠭᠰᠠᠨ ᠴᠢᠯᠠᠭᠤ

᠊᠊᠊᠊᠊᠊᠊᠊᠊᠊᠊᠊᠊᠊᠊ ᠬᠤᠷᠳᠤᠨ ᠢᠷᠠᠵᠤ ᠦᠵᠡ ︕ ᠳᠠᠠᠳᠠ ᠭᠡᠨ ᠶᠠᠪᠣᠵᠤ ᠪᠠᠢ᠌ᠨ᠎ᠠ︖

ᠬᠠᠶᠠ ᠴᠤᠩᠬᠤᠨ ᠳᠤᠰᠢᠶ᠎ᠠ ᠵᠤᠭᠰᠤᠴᠢᠬᠠᠭᠠᠤᠨ ᠠᠰᠠᠷ ᠦᠨ ᠡᠮᠦᠨᠡᠭᠦᠷ ᠥᠩᠭᠡᠳᠤ ᠰᠤᠯᠤᠩᠭ᠋᠎ᠠ ᠰᠢᠭ ᠮᠢᠷᠠᠯᠵᠠᠩᠬᠠᠨ ᠥᠩᠭᠡᠷᠡᠭᠦ ᠭᠤᠶᠤ ᠭᠡᠦᠭᠡᠡᠴᠦᠳ ᠢ ᠬᠠᠷᠠᠨ ᠨᠢᠳᠤᠨ ᠤ ᠬᠤᠷᠤᠬᠠᠢ ᠪᠠᠨ ᠭᠠᠷᠭᠠᠨ ᠨᠢᠭᠡ ᠨᠢᠭᠡᠨ ᠲᠡᠶ ᠪᠠᠨ ᠱᠤᠭᠯᠠᠯᠴᠠᠨ ᠰᠣᠢ᠌ᠤᠨ ᠪᠣᠯᠵᠠᠭᠠᠳᠠᠭ ᠮᠠᠨ ᠤ ᠭᠡᠳᠤᠨ 《ᠬᠠᠷ᠎ᠠ》 ᠨᠤᠭᠤᠳ ᠦᠨ ᠨᠢᠭᠡ ᠨᠢ ᠢᠩᠭᠢᠵᠤ ᠰᠤᠴᠢᠮᠠᠭ ᠬᠠᠰᠭᠢᠷᠪᠠ ᠃

ᠶᠠᠮᠠᠷ ᠰᠢᠤᠬᠠᠨ ᠭᠤᠶᠤ ᠠᠮᠢᠳᠠᠨ ᠨᠢ ᠮᠤᠷᠢᠯᠠᠨ ᠪᠠᠭᠤᠴᠢᠬᠠᠭᠠᠤᠨ ᠮᠠᠨ ᠤ《ᠬᠠᠷ᠎ᠠ》ᠵᠢᠨ ᠰᠦᠨᠠᠰᠤ ᠵᠢ ᠢᠩᠭᠢᠳᠠᠯ᠎ᠠ ᠳᠠᠯᠠᠯᠴᠢᠬᠠᠭᠰᠠᠨ ᠶᠤᠮ ᠪᠣᠯ ᠭᠡᠵᠤ ᠰᠤᠨᠢᠭᠤᠴᠢ ᠪᠣᠳᠤᠯ ᠳᠠᠭᠠᠨ ᠭᠦᠳᠦᠯᠦᠭ᠍ᠳᠡᠭ᠍ᠰᠡᠨ ᠪᠢ ᠭᠠᠷ ᠳᠠᠭᠢ ᠨᠤᠮ ᠶᠢᠡᠨ ᠰᠢᠳᠠᠨ ᠴᠤᠩᠬᠤ ᠣᠷᠤᠭᠤ  ᠦᠠᠳᠠᠢ᠌ᠪᠠ ᠃

ᠪᠣᠷᠬᠠᠨ ︕ ᠳᠠᠷᠠ ᠴᠢᠨᠢ ᠭᠦᠰᠡᠯᠳᠤ ᠠᠬ᠎ᠠ ᠪᠢᠰᠢ ᠶᠤᠮ ᠦᠦ ︖ ᠭᠡᠳᠤᠨ ᠡᠳᠦᠷ ᠤᠨ ᠡᠮᠦᠨ᠎ᠡ ᠳᠡᠭᠦᠨ ᠢ ᠡ᠊ᠡᠳᠡ ᠢᠷᠡᠭᠡᠤᠨ ᠶᠠᠪᠣᠵᠤ ᠪᠠᠢ᠌ᠨ᠎ᠠ ᠭᠡᠵᠤ ᠳᠤᠭᠤᠯᠤᠭᠰᠠᠨ ᠂ ᠮᠦᠨ ᠢᠩᠭᠢᠵᠤ ᠯᠠ ᠶᠠᠪᠣᠵᠤ ᠪᠠᠢ᠌ᠳᠠᠭ ᠭᠦᠮᠤᠨ ᠦᠦ ᠳ᠋ᠠ ᠃

ᠦᠰᠦ ᠭᠡᠵᠢᠭᠡ ᠨᠢ  ᠦᠷᠪᠣᠢ᠌ᠵᠤ ᠰᠡᠭ᠍ᠰᠡᠢ᠌ᠨ ᠂ ᠨᠢᠭᠤᠷ ᠴᠢᠷᠠᠢ ᠨᠢ ᠣᠳᠤᠭᠠᠨ ᠳᠤ ᠣᠳᠤᠭᠳᠠᠭᠰᠠᠨ ᠳᠤᠭᠤᠭ᠎ᠠ ᠶᠢᠨ ᠢᠷᠤᠭᠠᠷ ᠮᠠᠳᠤ ᠬᠠᠷᠠᠯᠠᠵᠤ ᠪᠣᠷᠤᠯᠠᠭᠠᠤᠨ ᠂ ᠬᠤᠪᠴᠠᠰᠤ ᠬᠤᠨᠠᠷ ᠨᠢ ᠣᠠᠵᠢ᠌ᠵᠤ ᠨᠠᠪᠳᠠᠢ᠌ᠨ ᠂ ᠠᠯᠬᠤᠵᠤ ᠭᠢᠰᠭᠢᠭᠦ ᠭᠦᠳᠡᠯᠵᠤ ᠪᠠᠷᠢᠬᠤ ᠨᠢ ᠭᠦᠷᠳᠡᠯ᠎ᠡ ᠭᠦᠳᠡᠭᠢ ᠡᠪᠦᠭᠡᠨ ᠤ ᠳᠦᠷᠢ ᠲᠡᠶ ᠪᠣᠯᠴᠢᠬᠠᠵᠠᠢ ᠃ ᠨᠢᠳᠤᠨ ᠡᠮᠦᠨᠡᠭᠢ ᠡᠨᠡ ᠭᠦᠮᠤᠨ ᠢ ᠪᠢ ᠡᠴᠢᠨᠡᠨ ᠵᠢᠯ ᠤᠨ ᠳᠤᠷᠰᠢ ᠰᠠᠤᠠᠭᠢᠯ ᠵᠢᠷᠦᠭᠡᠨ ᠳᠡᠭᠡᠨ ᠪᠢᠰᠢᠷᠠᠨ ᠭᠦᠡᠳᠦᠦᠡᠭᠡᠭ᠍ᠰᠡᠭᠡᠷ ᠢᠷᠡᠭ᠍ᠰᠡᠨ ᠭᠦᠰᠡᠯᠳᠤ ᠠᠬ᠎ᠠ ᠮᠦᠨ ᠭᠡᠵᠤ ᠥᠨᠡᠭᠡᠷ ᠢᠳᠡᠭᠡᠭᠦ ᠳᠤ ᠪᠠᠷᠭᠡ ᠪᠠᠢ᠌ᠯ᠎ᠠ ᠃

ᠭᠦᠰᠡᠯᠳᠤ ᠠᠬ᠎ᠠ ᠪᠢᠳᠠ ᠬᠤᠶᠠᠷ ᠪᠣᠯ ᠳᠠᠨᠢᠯᠴᠠᠭᠠᠤᠨ ᠠᠷᠪᠠᠨ ᠨᠢ᠋ᠮᠠᠨ ᠵᠢᠯ ᠪᠣᠯᠴᠢᠬᠠᠭᠰᠠᠨ ᠬᠠᠭᠤᠴᠢᠨ ᠳᠠᠨᠢᠯ ᠶᠤᠮ ᠃ ᠳᠠᠷᠠ ᠦᠶ᠎ᠡ ᠳᠤ ᠪᠢ ᠠᠵᠢᠯ ᠤᠨ ᠪᠠᠢ᠌ᠷᠢ ᠳᠡᠭᠡᠷ᠎ᠡ ᠭᠠᠷᠤᠭᠠᠤᠨ ᠣᠳᠠᠭᠠᠳᠤᠢ ᠪᠠᠢ᠌ᠭᠰᠠᠨ ᠮᠥᠷᠳᠡᠭᠡᠨ ᠰᠠᠶ‍ᠢᠬᠠᠨ ᠬᠤᠷᠢᠮᠯᠠᠭᠰᠠᠨ ᠰᠢᠨ᠎ᠠ ᠪᠠᠷᠢ ᠪᠠᠢ᠌ᠵᠤ ᠶᠤᠰᠤᠳᠠᠢ ᠣᠰᠤᠨ ᠳᠡᠨᠡᠭ᠌ ᠠᠮᠢᠳᠠᠨ ᠭᠡᠭ᠍ᠴᠢ ᠨᠢ ᠳᠠᠷᠠ ᠪᠠᠢ᠌ᠪᠠ ᠃ ᠳᠠᠷᠠ ᠵᠢᠯ ᠤᠨ ᠵᠤᠨ ᠮᠠᠨ ᠤ ᠰᠤᠶᠤᠯ ᠤᠨ ᠳᠤᠪᠴᠢᠶᠠᠨ ᠤ ᠭᠢᠨ ᠭᠡᠳᠤᠨ ᠵᠤᠬᠢᠶᠠᠯᠴᠢᠤᠨ ᠶᠢᠡᠨ ᠴᠤᠭᠯᠠᠭᠤᠯᠤᠨ 《ᠥᠵᠦᠭ᠌ ᠤᠨ ᠰᠤᠷᠢᠯᠭᠠᠨ》 ᠭᠢᠭᠦ ᠪᠣᠯᠤᠭᠠᠤᠨ ᠂ ᠰᠡᠳᠭᠦᠯ ᠤᠨ ᠬᠤᠷᠢᠶᠠᠨ ᠳᠤ ᠨᠠᠢ᠌ᠷᠠᠭᠤᠯᠤᠭᠴᠢ ᠶᠢᠨ ᠠᠯᠪᠠ ᠲᠡᠶ ᠭᠦᠰᠡᠯᠳᠤ ᠠᠬ᠎ᠠ ᠴᠤ ᠮᠤᠷᠢᠯᠠᠨ ᠰᠠᠭᠠᠳᠠᠭᠰᠠᠨ ᠪᠠᠢ᠌ᠪᠠ ᠃

ᠳᠠᠷᠠ ᠭᠡᠭ᠍ᠴᠢ ᠨᠠᠷᠢᠬᠠᠨ ᠦᠨᠳᠦᠷ ᠪᠠᠶ᠎ᠠ ᠲᠡᠶ᠂ ᠡᠮᠦᠰᠴᠤ ᠵᠡᠭᠦᠭ᠍ᠰᠡᠨ ᠨᠢ ᠴᠠᠪᠠᠷ ᠳᠡᠭ᠍ᠰᠢᠭᠡᠨ ᠂ ᠠᠯᠬᠤᠵᠤ ᠭᠢᠰᠭᠢᠭᠦ ᠨᠢ ᠭᠦᠩᠭᠡᠨ ᠱᠥᠩᠭᠡᠨ ᠂ ᠶᠠᠷᠤ ᠡᠴᠡ ᠢᠨᠢᠶᠠᠳᠤ ᠠᠯᠳᠠᠴᠢᠬᠠᠭᠰᠠᠨ ᠶᠠᠪᠣᠳᠠᠭ ᠭᠦᠩᠭᠡᠮᠰᠦᠭ᠌ ᠳᠠᠷᠤᠤ ᠵᠠᠩ ᠲᠡᠶ ᠭᠦᠮᠤᠨ ᠪᠢᠯᠠ ᠃

ᠭᠦᠰᠡᠯᠳᠤ ᠠᠬ᠎ᠠ ᠳᠠᠷᠠ ᠣᠳᠠᠭ᠎ᠠ ᠪᠢᠳᠠᠨ ᠳᠤ ᠵᠤᠬᠢᠶᠠᠨ ᠪᠢᠴᠢᠯᠭᠡ ᠶᠢᠨ ᠳᠤᠬᠠᠢ ᠭᠣᠢ᠌ᠳᠠ ᠰᠠᠢ᠌ᠬᠠᠨ ᠭᠢᠴᠢᠶᠠᠯ ᠣᠷᠤᠭᠰᠠᠨ ᠪᠦᠭᠡᠤᠨ ᠳᠡᠭᠦᠨ ᠤ ᠳᠡᠷᠡᠭᠦ ᠳᠦᠭᠦᠮ ᠣᠢ᠌ᠯᠠᠭᠠᠮᠵᠢᠳᠠᠢ ᠂ ᠣᠷᠤᠰᠤᠮ᠎ᠠ ᠳᠤᠳᠤ ᠭᠡᠯᠡ ᠶᠠᠷᠢᠶ᠎ᠠ ᠨᠢ ᠣᠳᠤ ᠴᠤ ᠴᠢᠭᠢᠨ ᠳᠤ ᠭᠦᠩᠭᠢᠨᠡᠵᠤ ᠪᠠᠢ᠌ᠮᠠᠷ ᠰᠠᠨᠠᠭᠳᠠᠬᠤ ᠶᠤᠮ ᠃ ᠳᠠᠠᠳᠠ ᠡᠴᠡ ᠮᠠᠰᠢᠨ ᠳᠤ ᠰᠠᠭᠤᠵᠤ ᠪᠣᠴᠠᠬᠤ ᠵᠠᠮ ᠳᠠᠭᠠᠨ ᠳᠡᠷᠭᠡᠳᠡ ᠰᠠᠭᠤᠭᠰᠠᠨ ᠬᠠᠮᠳᠤ ᠠᠵᠢᠯᠯᠠᠭᠴᠢ ᠰᠠ᠊ ᠡᠭᠡᠴᠢ ᠭᠡᠨᠤᠨᠳᠡ ᠰᠤᠯᠢᠶᠠᠷᠠᠭᠰᠠᠨ ᠮᠠᠳᠤ ᠭᠦᠭᠦᠷᠡᠨ ᠢᠨᠢᠶᠡᠭ᠍ᠰᠡᠭᠡᠷ ᠮᠢᠨᠤ ᠴᠢᠭᠢᠨ ᠳᠤ᠄

᠊᠊᠊᠊᠊᠊᠊᠊᠊᠊᠊᠊᠊᠊᠊ ᠭᠦᠭᠡ ᠺᠦᠰᠲ᠋ᠠᠶᠤᠮ ᠡᠮᠦᠰᠴᠤ ᠣᠯᠠᠭᠠᠨ ᠭᠠᠯᠰᠲ᠋ᠤᠺ ᠵᠠᠩᠭᠢᠳᠤᠭᠰᠠᠨ ᠴᠠᠭᠠᠨ ᠴᠢᠷᠠᠢ ᠲᠡᠶ ᠳᠠᠷᠠ ᠨᠠᠢ᠌ᠷᠠᠭᠤᠯᠤᠭᠴᠢ ᠵᠠᠯᠠᠭᠤ ᠮᠠᠨ ᠤ ᠠᠩᠭ᠋᠎ᠠ ᠶᠢ ᠳᠤᠭᠤᠴᠢᠬᠠᠭᠰᠠᠨ ᠴᠤ ᠶᠤᠮ ᠪᠠ ︖ ᠨᠠᠳᠠ ᠡᠴᠡ ᠴᠢᠨᠤ ᠳᠤᠬᠠᠢ ᠠᠰᠠᠭᠤᠵᠤ ᠯᠠᠪᠯᠠᠭᠠᠤᠨ ᠨᠢᠭᠡ ᠯᠠ ᠵᠢᠭ᠌ ᠪᠣᠯᠵᠤ ᠪᠠᠢ᠌ᠭᠰᠠᠨ ᠳ᠋ᠠ ᠭᠡᠵᠤ ᠰᠢᠪᠠᠨᠠᠵᠤ ᠭᠠᠷᠪᠠ ᠃

ᠪᠢ ᠴᠢᠷᠠᠢ ᠣᠯᠠᠢ᠌ᠯᠭᠠᠨ ᠄

᠊᠊᠊᠊᠊᠊᠊᠊᠊᠊᠊᠊᠊᠊᠊ ᠡᠭᠡᠴᠢ ᠳᠠ ᠶᠠᠭᠤ ᠶᠠᠷᠢᠭᠠᠤᠨ ᠪᠠᠢ᠌ᠨ᠎ᠠ ᠪᠣᠢ ︖ ᠬᠠᠮᠢᠭ᠎ᠠ ᠪᠠᠢ᠌ᠭᠰᠠᠨ ᠳᠠᠢ᠌ᠮᠤ ᠣᠴᠢᠷ ᠶᠤᠮ ︖ ᠳᠠ ᠵᠥᠭᠡᠷ ᠭᠦᠮᠤᠨ ᠢ ᠭᠢᠯᠢᠰᠳᠡᠭᠦᠯᠭᠦ ᠨᠢ ᠡ ᠭᠡᠭᠦ ᠳᠤ ᠰᠠ᠊ ᠡᠭᠡᠴᠢ ᠬᠠᠷᠢᠨ ᠢᠨᠢᠶᠡᠭᠦ ᠪᠠᠨ ᠪᠣᠯᠢᠵᠤ ᠲᠦᠪ ᠭᠢᠨᠠᠭᠤᠷ ᠴᠢᠷᠠᠢ᠌ᠯᠠᠴᠢᠬᠠᠭᠰᠠᠨ ᠄

᠊᠊᠊᠊᠊᠊᠊᠊᠊᠊᠊᠊᠊᠊᠊ ᠦᠨᠡᠨ ᠰᠢᠤ ᠂ ᠳᠠᠷᠠ ᠳᠤᠩ ᠰᠠᠢ᠌ᠬᠠᠨ ᠢᠨᠢᠶᠠᠳᠤ ᠠᠯᠳᠠᠴᠢᠬᠠᠭᠰᠠᠨ ᠨᠠᠳᠠ ᠡᠴᠡ 《 ᠳᠠᠨ ᠤ ᠳᠠᠷᠠ ᠪᠢᠴᠢᠬᠠᠨ ᠭᠡᠦᠭᠡᠨ ᠴᠢᠨᠢ ᠬᠠᠮᠢᠭ᠎ᠠ ᠡᠴᠡ ᠬᠤᠪᠢᠶᠠᠭᠳᠠᠵᠤ ᠢᠷᠡᠭ᠍ᠰᠡᠨ ᠶᠤᠮ ︖ 》 ᠭᠡᠵᠤ ᠠᠰᠠᠭᠤᠵᠤ ᠰᠢᠤ ᠂ ᠳᠡᠭᠡᠭᠦ ᠳᠤ ᠪᠢ ᠥᠭᠡᠳᠡ ᠡᠴᠡ ᠨᠢ ᠶᠠᠭᠤ ᠭᠡᠵᠤ ᠬᠠᠷᠢᠭᠤᠯᠤᠭᠰᠠᠨ ᠭᠡᠵᠤ ᠰᠠᠨᠠᠨ᠎ᠠ ᠴᠢ ︖ ᠥ ᠂ ᠴᠢ ᠮᠠᠨ ᠤ ᠳᠠᠷᠠ ᠳᠦᠷᠯᠡᠭᠡᠷ ᠳᠤᠮᠤ ᠨᠢᠳᠤ ᠲᠡᠶ ᠭᠡᠦᠭᠡᠨ ᠢ ᠭᠡᠯᠡᠵᠤ ᠪᠠᠢ᠌ᠬᠤ ᠶᠤᠮ ᠦᠦ︖ ᠳᠠᠷᠠ ᠴᠢᠨᠢ ᠪᠢᠴᠢᠬᠠᠨ ᠭᠡᠦᠭᠡᠨ ᠪᠢᠰᠢ ᠂ ᠭᠡᠳᠥᠢᠨᠡᠢ ᠪᠠᠷᠢ ᠪᠣᠯᠴᠢᠬᠠᠭᠰᠠᠨ ᠂ ᠴᠢᠮ᠎ᠠ ᠡᠴᠡ ᠳᠤᠤᠷᠠᠳᠠᠬᠤ ᠦᠭᠡᠶ ᠰᠠᠢ᠌ᠬᠠᠨ ᠬᠤᠩᠭ᠋ᠤᠷ ᠲᠡᠶ ᠭᠡᠤᠨ ᠥᠭᠡᠳᠡ ᠡᠴᠡ ᠨᠢ ᠨᠢᠭᠡᠯᠡ ᠳᠠᠯᠪᠢᠴᠢᠬᠠᠭᠰᠠᠨ ᠭᠡᠵᠤ ᠶᠡᠭᠡᠯ᠎ᠡ ᠪᠠᠷᠳᠠᠮ ᠴᠢᠷᠠᠢ ᠲᠡᠶ ᠭᠡᠯᠡᠨ᠎ᠡ ᠃

᠊᠊᠊᠊᠊᠊᠊᠊᠊᠊᠊᠊᠊᠊᠊ ᠠᠢ ᠶᠠ ︕ ᠰᠠ᠊ ᠡᠭᠡᠴᠢ ᠡ ᠂ ᠳᠠᠷᠠ ᠭᠦᠮᠤᠨ ᠵᠦᠪ ᠵᠥᠭᠡᠷ ᠳᠤᠩᠰᠣᠢ᠌ᠵᠤ ᠰᠠᠭᠤᠬᠤ ᠪᠠᠷ ᠶᠢᠡᠨ ᠵᠤᠭᠤᠭᠳᠠᠵᠤ ᠶᠠᠪᠣᠬᠤ ᠨᠢ ᠵᠤᠭ᠎ᠠ ᠲᠡᠶ ᠰᠠᠨᠠᠭᠳᠠᠭᠠᠤᠨ ᠳᠡᠭᠡᠵᠤ ᠠᠰᠠᠭᠤᠭᠰᠠᠨ ᠪᠠᠢ᠌ᠯᠭᠦᠢ ᠭᠡᠵᠤ ᠭᠡᠯᠡᠪᠠᠯ ᠰᠠ᠊ ᠡᠭᠡᠴᠢ ᠄

᠊᠊᠊᠊᠊᠊᠊᠊᠊᠊᠊᠊᠊᠊᠊ ᠥᠨᠡᠭᠡᠷ ᠰᠢᠤ ᠂ ᠮᠢᠨᠤ ᠥᠭᠡᠨ ᠳᠤ ᠳᠡᠭᠦᠨ ᠤ ᠰᠠᠢ᠌ᠬᠠᠨ ᠢᠨᠢᠶᠠᠳᠤ ᠨᠢ ᠰᠠᠯᠭᠢᠨ ᠳᠤ ᠭᠡᠢ᠌ᠰᠦᠭ᠍ᠰᠡᠨ ᠡᠭᠦᠯᠡ ᠮᠠᠳᠤ ᠬᠤᠷᠤᠮᠬᠠᠨ ᠠᠷᠢᠯᠤᠭᠠᠤᠨ ᠠᠮᠠ ᠪᠠᠨ ᠪᠠᠷᠢᠭᠰᠠᠨ ᠶᠢᠡᠨ᠄ 《 ᠠ᠊ ᠊᠊᠊᠊᠊᠊᠊᠊᠊᠊᠊᠊᠊᠊᠊ ᠬᠠᠢ᠌ᠷᠠᠨ 》 ᠭᠡᠵᠤ ᠭᠡᠯᠡᠴᠢᠭᠡᠭᠡᠤᠨ ᠣᠪᠠᠢ᠌ᠨ ᠳᠤ ᠦᠭᠡᠶ ᠠᠮᠠ ᠠᠯᠳᠠᠭᠰᠠᠨ ᠶᠢᠡᠨ ᠭᠡᠨᠤᠨᠳᠡ ᠣᠬᠠᠭᠰᠠᠨ ᠪᠣᠯᠤᠯᠳᠠᠢ ᠴᠢᠷᠠᠢ ᠨᠢ ᠭᠦᠵᠦᠭᠦᠨ ᠳᠡᠭᠡᠨ ᠳᠤᠯᠳᠠᠯ᠎ᠠ ᠭᠠᠯ ᠣᠯᠠᠢ᠌ᠭᠠᠤᠨ ᠶᠠᠪᠣᠴᠢᠬᠠᠵᠤ ᠪᠢᠯᠠ ᠭᠡᠨ᠎ᠡ ᠃

ᠡᠰᠢ ᠮᠤᠬᠤᠷ ᠨᠢ ᠣᠯᠳᠠᠮ᠎ᠠ ᠦᠭᠡᠶ ᠰᠠ᠊ ᠡᠭᠡᠴᠢ ᠶᠢᠨ ᠶᠠᠷᠢᠶ᠎ᠠ ᠨᠠᠮᠠᠶ᠋ᠢ᠌ ᠥᠨᠡᠭᠡᠷ ᠪᠠᠯᠠᠳᠠᠭᠤᠯᠵᠤ ᠣᠷᠭᠢᠪᠠ ᠃ ᠠᠷᠤ ᠡᠴᠡ ᠮᠢᠨᠢ ᠡᠭᠡᠭᠡ ᠨᠢᠭᠡᠨ ᠭᠦᠮᠤᠨ ᠱᠤᠤᠯᠠᠨ ᠰᠢᠷᠳᠠᠵᠤ ᠪᠠᠢ᠌ᠮᠠᠷ ᠰᠠᠨᠠᠭᠳᠠᠭᠠᠤᠨ ᠂ ᠳᠡᠷᠭᠡᠳᠡ ᠮᠢᠨᠢ ᠬᠤᠯᠤᠭᠠᠨ᠎ᠠ ᠶᠢᠨ ᠨᠥᠭᠡ ᠪᠠᠢ᠌ᠳᠠᠭ ᠪᠣᠯᠤᠭᠠᠤᠨ ᠳᠡᠭᠦᠨ ᠳᠤ ᠣᠷᠤᠵᠤ ᠪᠣᠯᠳᠠᠭ ᠶᠤᠮ ᠪᠣᠯ ᠥᠨᠡᠭᠡᠷ ᠰᠢᠷᠭᠤᠴᠢᠬᠠᠮᠠᠷ ᠰᠠᠨᠠᠭᠳᠠᠭᠰᠠᠨ ᠢ ᠶᠠᠭᠤ ᠭᠡᠯᠳᠡᠢ ᠪᠢᠯᠠ ᠃ ᠳᠡᠭᠡᠭᠡᠤᠨ ᠯᠠ ᠬᠠᠷᠢᠵᠤ ᠢᠷᠡᠭ᠍ᠰᠡᠨ ᠤ ᠰᠡᠭᠦᠯᠡᠷᠭᠢ ᠦᠳᠡᠯᠳᠠ ᠶᠢᠨ ᠬᠤᠭᠤᠯᠠ ᠶᠢ ᠴᠤ ᠬᠠᠮᠳᠤ ᠢᠳᠠᠯ ᠦᠭᠡᠶ ᠭᠡᠷ ᠵᠥᠭ᠌ ᠶᠢᠡᠨ ᠭᠤᠳ ᠭᠠᠷᠤᠭᠠᠤᠨ ᠳᠤᠳᠠᠭᠠᠭᠰᠠᠨ ᠃

ᠬᠤᠵᠢᠮ ᠨᠢ ᠡᠨᠡ ᠳᠠᠷᠠ ᠣᠴᠢᠷ ᠶᠢᠡᠷ ᠭᠦᠰᠡᠯᠳᠤ ᠠᠬ᠎ᠠ ᠲᠡᠶ ᠬᠠᠶᠠ ᠠᠭᠤᠯᠵᠠᠳᠠᠭ ᠪᠠᠢ᠌ᠪᠠ ᠃

ᠭᠡᠳᠤᠨ ᠵᠢᠯ ᠤᠨ ᠳᠠᠷᠠᠭ᠎ᠠ ᠭᠦᠰᠡᠯᠳᠤ ᠠᠬ᠎ᠠ ᠶᠢᠨ ᠬᠤᠷᠢᠮᠯᠠᠭᠠᠤᠨ ᠭᠦᠭᠡᠷᠦᠭᠦᠨ ᠭᠡᠦᠭᠡᠨ ᠲᠡᠶ ᠪᠣᠯᠵᠤ ᠂ ᠵᠤᠯ ᠵᠢᠷᠭᠠᠯᠳᠠᠢ ᠠᠮᠢᠳᠤᠷᠠᠵᠤ ᠪᠠᠢ᠌ᠭ᠎ᠠ ᠶᠢ ᠨᠢ ᠰᠤᠨᠤᠰᠴᠤ ᠰᠠᠤᠠᠭᠢᠯ ᠤᠨ ᠣᠭ ᠡᠴᠡ ᠪᠠᠨ ᠪᠠᠶᠠᠷᠯᠠᠪᠠ ᠃ ᠡᠴᠢᠨᠡᠨ ᠵᠢᠯ ᠤᠨ ᠳᠤᠷᠰᠢ ᠭᠦᠯᠦᠰᠤ ᠪᠠᠨ ᠣᠷᠤᠰᠬᠠᠨ ᠣᠷᠤᠯᠳᠤᠵᠤ ᠪᠦᠳᠦᠭᠡᠭ᠍ᠰᠡᠨ ᠣᠷᠠᠨ ᠵᠤᠬᠢᠶᠠᠯ ᠤᠨ ᠪᠦᠳᠦᠭᠡᠯ ᠤᠳ ᠶᠢᠡᠨ ᠡᠮᠭᠢᠦᠡᠭᠡᠨ ᠳᠠᠪᠳᠠᠷ ᠨᠤᠮ ᠭᠠᠷᠭᠠᠬᠤ ᠪᠣᠯᠤᠭᠰᠠᠨ ᠢ ᠨᠢ ᠳᠤᠭᠤᠯᠤᠭᠠᠤᠨ ᠡᠭᠡᠭᠡ ᠦᠪᠡᠷ ᠤᠨ ᠶᠢᠡᠨ ᠮᠠᠳᠤ ᠭᠦᠭ᠍ᠰᠡᠨ ᠳᠤᠭᠳᠤᠯᠵᠤ ᠪᠢᠯᠠ ᠃ ᠭᠡᠨᠡᠳᠳᠡ ᠨᠢᠭᠡᠨ ᠠᠵᠠ ᠪᠣᠰᠤ ᠴᠢᠮᠡᠭᠡ ᠨᠠᠮᠠᠶ᠋ᠢ ᠰᠤᠴᠢᠭᠠᠪᠠ ᠃ ᠬᠠᠷ᠎ᠠ ᠠᠷᠢᠭᠢᠨ ᠤ ᠣᠷᠰᠢᠭ ᠡᠴᠡ ᠪᠣᠯᠵᠤ ᠭᠦᠰᠡᠯᠳᠤ ᠠᠬ᠎ᠠ ᠶᠢᠨ ᠮᠠᠨᠢ ᠭᠡᠷ ᠪᠦᠯᠢ ᠨᠢ ᠪᠣᠳᠠᠷᠠᠨ ᠰᠠᠷᠨᠢᠵᠤ ᠂ ᠭᠠᠭᠴᠠᠭᠠᠷ ᠶᠢᠡᠨ ᠰᠠᠭᠤᠵᠤ ᠪᠣᠢ ᠭᠡᠨ᠎ᠡ ᠃ ᠭᠡᠪᠠᠴᠤ ᠭᠦᠮᠤᠨ ᠭᠡᠭ᠍ᠴᠢ ᠶᠠᠭᠤᠮᠠᠨ ᠤ ᠬᠤᠩᠰᠢᠶᠠᠷ ᠶᠠᠭᠤ ᠡᠰᠡ ᠭᠡᠯᠡᠨ᠎ᠡ⁈ ᠭᠦᠮᠤᠨ ᠢ ᠰᠠᠢ᠌ᠨ ᠪᠠᠢ᠌ᠬᠤ ᠳᠤ ᠨᠢ ᠳᠡᠭ᠍ᠷᠢ ᠳᠤ ᠭᠠᠷᠳᠠᠯ᠎ᠠ ᠮᠠᠭᠳᠠᠵᠤ ᠂ ᠮᠠᠭᠤ ᠪᠣᠯᠴᠢᠬᠠᠭᠰᠠᠭᠠᠷ ᠯᠤᠤᠰ ᠲᠤ ᠣᠷᠤᠳᠠᠯ᠎ᠠ ᠮᠠᠭᠤᠯᠠᠨ᠎ᠠ ᠃ ᠠᠵᠢᠯ ᠶᠢᠡᠨ ᠰᠠᠢ᠌ᠪ ᠰᠠᠢ᠌ᠬᠠᠨ ᠭᠢᠯᠠᠷᠠᠳᠠᠯ᠎ᠠ ᠭᠢᠭ᠍ᠰᠡᠭᠡᠷ ᠪᠠᠢ᠌ᠬᠤ ᠳᠤ᠃ ᠭᠡᠳᠡᠯ᠎ᠡ ᠁ ᠭᠡᠳᠡᠯ᠎ᠡ ᠁ ᠳᠠᠷᠠ ᠦᠨᠦᠳᠤᠷ ᠁

ᠭᠦᠰᠡᠯᠳᠤ ᠵᠠᠮ ᠤᠨ ᠬᠠᠵᠠᠭᠤ ᠳᠤ ᠶᠠᠮᠠᠷ ᠨᠢᠭᠡᠨ ᠬᠠᠢ᠌ᠷᠠᠳᠠᠢ ᠡᠷᠳᠡᠨᠢ ᠪᠠᠨ ᠭᠡᠭᠡᠴᠢᠭᠡᠭᠡᠤᠨ ᠡᠷᠢᠵᠤ ᠳᠦᠪᠠᠭ᠍ᠳᠡᠭ᠍ᠰᠡᠨ ᠭᠦᠮᠤᠨ ᠶᠤᠮ ᠰᠢᠭ ᠭᠡᠳᠤᠨ ᠬᠠᠷᠮᠠᠨ ᠶᠢᠡᠨ ᠡᠭᠡᠯᠵᠢᠯᠡᠨ ᠰᠡᠯᠭᠦᠨ ᠣᠩᠭᠢᠴᠠᠵᠤ ᠂ ᠳᠠᠮᠠᠢ᠌ᠯᠠ ᠨᠠᠰᠢ ᠴᠠᠰᠢ ᠡᠷᠭᠢᠴᠡᠨ᠎ᠡ ᠃

ᠭᠦᠰᠡᠯᠳᠤ ᠴᠤᠬᠤᠮ ᠶᠠᠭᠠᠭᠢᠴᠢᠬᠠᠪᠠ ︖ ᠡᠢ᠌ᠮᠤ ᠪᠠᠢ᠌ᠵᠤ ᠯᠠ ᠪᠠᠢ᠌ᠭᠰᠠᠨ ᠦᠭᠡᠶ ᠰᠢᠳᠠ ᠂ ᠣᠢ᠌ᠯᠠᠰ ᠢᠷᠡᠭᠡᠳᠦᠢ ᠭᠡᠪᠠᠯ ᠠᠯᠢᠪᠠ ᠪᠠᠨ ᠮᠠᠷᠳᠠᠨ ᠮᠠᠬᠠᠷᠠᠨ ᠵᠢᠦᠡᠭᠦᠳᠡᠭ᠌ ᠂ ᠵᠤᠭᠰᠤᠭᠰᠠᠨ ᠭᠠᠵᠠᠷ ᠲᠠᠭᠠᠨ ᠠᠭᠤᠯᠠ ᠰᠢᠭ ᠬᠠᠨᠠᠢ᠌ᠨ ᠪᠣᠰᠳᠠᠭ ᠡᠷ᠎ᠡ ᠶᠢᠨ ᠳᠤᠳᠤᠷᠠᠭᠢ ᠡᠷ᠎ᠡ ᠭᠡᠵᠤ ᠴᠤᠬᠤᠮ ᠳᠠᠷᠠ ᠪᠠᠢ᠌ᠭᠰᠠᠨ ᠃ ᠡᠰᠡᠡᠭᠦᠯ᠎ᠡ ᠳᠡᠭᠦᠨ ᠳᠤ ᠭᠦᠮᠤᠨ ᠳᠤ ᠭᠡᠯᠡᠭᠦᠶ᠎ᠡ ᠪᠠᠷᠭᠡ ᠶᠠᠮᠠᠷ ᠨᠢᠭᠡᠨ ᠵᠤᠪᠠᠨᠢᠯ ᠳᠤᠯᠭᠠᠷᠠᠴᠢᠬᠠᠭᠰᠠᠨ ᠭᠡᠵᠢ ᠦᠦ︖ ᠰᠠᠤᠠᠭᠢᠯ ᠤᠨ ᠵᠤᠪᠠᠨᠢᠯ ᠂ ᠣᠢ᠌ᠤᠠᠬᠠᠷ ᠪᠣᠭᠢᠨᠢᠳᠤᠯ ᠶᠢᠡᠨ ᠮᠠᠷᠳᠠᠬᠤ ᠭᠡᠵᠤ ᠬᠠᠷ᠎ᠠ ᠠᠷᠢᠭᠢ ᠲᠡᠶ ᠪᠠᠨ ᠨᠥᠭᠦᠷᠯᠡᠭ᠍ᠰᠡᠭᠡᠷ ᠪᠠᠢ᠌ᠵᠤ ᠡᠢ᠌ᠮᠤ ᠪᠣᠯᠴᠢᠬᠠᠭᠰᠠᠨ ᠭᠡᠵᠢ ᠦᠦ ᠳ᠋ᠠ ᠃ ᠭᠡᠪᠠᠴᠤ ᠶ‍ᠢᠷᠳᠢᠠᠴᠤ ᠳᠤ ᠠᠮᠢᠳᠤᠷᠠᠭᠰᠠᠤᠨ ᠤᠨ ᠭᠡᠨ ᠳᠤ ᠨᠢ ᠰᠠᠤᠠᠭᠢᠯ ᠤᠨ ᠵᠤᠪᠠᠨᠢᠯ ᠂ ᠣᠢ᠌ᠤᠠᠬᠠᠷ ᠪᠣᠭᠢᠨᠢᠳᠤᠯ ᠭᠡᠵᠤ ᠪᠠᠢ᠌ᠬᠤ ᠦᠭᠡᠶ ᠠᠵᠢ ᠃

ᠳᠡᠭᠦᠨ ᠳᠤ ᠠᠯᠢᠪᠠ ᠪᠠᠨ ᠨᠠᠢ᠌ᠳᠠᠵᠤ ᠪᠠᠢ᠌ᠪᠠᠯ ᠬᠠᠷᠢᠨ ᠣᠢ ᠣᠬᠠᠭᠠᠨ ᠶᠢᠡᠨ ᠪᠠᠯᠠᠷᠠᠭᠤᠯᠵᠤ ᠣᠷᠭᠢᠭᠠᠤᠨ ᠂ ᠣᠷᠤᠭᠤᠳᠠᠯ ᠳᠤᠷᠣᠢ᠌ᠳᠠᠯ ᠤᠨ ᠭᠦᠨ ᠱᠠᠯᠪᠠᠭ ᠲᠤ ᠨᠢᠭᠡᠮᠦᠰᠤᠨ ᠰᠢᠭᠢᠤᠠᠴᠤ ᠮᠠᠳᠠᠨ᠎ᠠ ᠃

ᠳᠠᠷᠠ ᠭᠦᠷᠮ᠎ᠡ ᠶᠢᠨ ᠶᠢᠡᠨ ᠭᠡᠳᠤᠨ ᠬᠠᠷᠮᠠᠨ ᠶᠢᠡᠨ ᠣᠳᠠᠳᠠᠯ᠎ᠠ ᠣᠩᠭᠢᠴᠢᠭᠠᠤᠨ ᠣᠯᠤᠭᠰᠠᠨ ᠶᠠᠭᠤᠮ᠎ᠠ ᠦᠭᠡᠶ ᠳᠤᠯᠠ ᠣᠷᠮ᠎ᠠ ᠬᠤᠭᠤᠷᠠᠭᠰᠠᠨ ᠪᠠᠢ᠌ᠳᠠᠯᠳᠠᠢ ᠡᠰᠢ ᠳᠠᠰᠢ ᠬᠠᠷᠠᠰᠭᠢᠭᠰᠠᠨ ᠶᠢᠡᠨ ᠴᠠᠰᠢ ᠭᠦᠳᠡᠯᠭᠦ ᠰᠢᠭ᠌ ᠪᠣᠯᠪᠠ ᠃

ᠪᠢ ᠠᠰᠠᠷ ᠡᠴᠡ ᠪᠠᠭᠤᠵᠤ ᠣᠴᠢᠭᠠᠤᠨ ᠄

᠊᠊᠊᠊᠊᠊᠊᠊᠊᠊᠊᠊᠊᠊᠊ ᠭᠦᠰᠡᠯᠳᠤ ᠡ ᠭᠡᠵᠤ ᠠᠷᠤ ᠡᠴᠡ ᠨᠢ ᠳᠤᠤᠭᠠᠷᠬᠤ ᠳᠤ ᠳᠠᠷᠠ ᠡᠭᠡᠭᠡ ᠳᠦᠯᠠᠢ ᠳᠤᠯᠤᠭᠠᠢ ᠶᠤᠮ ᠰᠢᠭ ᠠᠯᠤᠰ ᠢ ᠬᠠᠷᠠᠭᠰᠠᠨ ᠳᠠᠷᠠ ᠴᠢᠭ᠌ ᠶᠢᠡᠷ ᠶᠢᠡᠨ ᠠᠯᠬᠤᠯᠠᠨ᠎ᠠ ᠃ ᠪᠢ ᠡᠮᠦᠨ᠎ᠡ ᠨᠢ ᠭᠠᠷᠴᠤ ᠭᠡᠷᠤᠨ ᠵᠤᠭᠰᠤᠭᠠᠤᠨ ᠄

᠊᠊᠊᠊᠊᠊᠊᠊᠊᠊᠊᠊᠊᠊᠊ ᠭᠦᠰᠡᠯᠳᠤ ᠡ ᠭᠡᠵᠤ ᠴᠢᠨᠡᠭᠡ ᠮᠠᠳᠠᠨ ᠪᠠᠷᠭᠢᠷᠠᠪᠠ ᠃

ᠠᠷᠢᠭᠢᠨ ᠤ ᠥᠮᠦᠭᠡᠢ ᠦᠨᠦᠷ ᠥᠭᠡᠳᠡ ᠡᠴᠡ ᠰᠠᠩᠭᠢᠪᠠ ᠃ ᠳᠠᠷᠠ ᠳᠤᠭ ᠭᠢᠵᠤ ᠠᠪᠤᠨ ᠨᠠᠮᠠᠶ᠋ᠢ ᠶᠡᠭᠡᠯ᠎ᠡ ᠳᠠᠨᠢ ᠶᠠᠳᠠᠭᠰᠠᠨ ᠬᠠᠷᠠᠴᠠ ᠪᠠᠷ ᠬᠠᠷᠠᠵᠤ ᠠᠪᠣᠭᠰᠠᠨ ᠶᠢᠡᠨ ᠴᠠᠰᠢ ᠶᠠᠪᠣᠬᠤ ᠶᠢ ᠵᠠᠪᠳᠤᠨ᠎ᠠ ᠃

ᠪᠢ ᠳᠡᠭᠦᠨ ᠤ ᠮᠦᠷᠤ ᠥᠭᠡᠳᠡ ᠭᠦᠴᠦᠳᠡᠢ ᠭᠡᠭ᠍ᠴᠢ ᠨᠢᠳᠤᠷᠴᠤ ᠥᠭᠡᠳᠡ ᠡᠴᠡ ᠨᠢ ᠡᠭ᠍ᠴᠡᠯᠡᠨ ᠰᠢᠷᠳᠠᠪᠠ ᠃ ᠢᠨᠢᠶᠠᠳᠤ ᠠᠯᠳᠠᠭᠠᠤᠨ ᠯᠠ ᠶᠠᠪᠣᠳᠠᠭ ᠳᠡᠭᠦᠨ ᠤ ᠳᠡᠷᠡᠭᠦ ᠪᠠᠶᠠᠷᠯᠢᠩᠭ᠋ᠤᠢ ᠳᠦᠷᠢ ᠪᠠᠢ᠌ᠳᠠᠯ ᠣᠷᠤ ᠳᠠᠰᠤ ᠠᠷᠢᠯᠤᠭᠠᠤᠨ ᠂ ᠳᠤᠩᠭ᠋ᠠᠯᠠᠭ ᠬᠤᠶᠠᠷ ᠨᠢᠳᠤ ᠨᠢ ᠴᠤ ᠪᠣᠯᠠᠩᠭᠢᠷᠳᠤᠨ ᠰᠥᠮᠡᠢ᠌ᠭᠡᠤᠨ ᠶᠠᠮᠠᠷᠴᠤ ᠰᠠᠤᠠᠭᠢᠯ ᠤᠨ ᠢᠯᠠᠷᠠᠯ ᠭᠡᠵᠤ ᠠᠯᠠᠭ᠎ᠠ ᠪᠣᠯᠵᠠᠢ ᠃

᠊᠊᠊᠊᠊᠊᠊᠊᠊᠊᠊᠊᠊᠊᠊ ᠭᠦᠰᠡᠯᠳᠤ ᠂ ᠳᠠ ᠭᠡᠵᠢᠶ᠎ᠡ ᠢᠷᠡᠭ᠍ᠰᠡᠨ ᠪᠣᠢ ︖ ᠳᠡᠭᠦᠤ ᠪᠠᠨ ᠳᠠᠨᠢᠵᠤ ᠪᠠᠢ᠌ᠨ᠎ᠠ ᠦᠦ︖ ᠭᠡᠭᠦ ᠳᠤ ᠳᠠᠷᠠ ᠶᠠᠮᠠᠷᠴᠤ ᠰᠠᠤᠠᠭᠢᠯ ᠤᠨ ᠢᠯᠠᠷᠠᠯ ᠦᠭᠡᠶ ᠳᠡᠷᠡᠭᠦ ᠬᠤᠤᠰ ᠨᠢᠳᠤ ᠪᠠᠷ ᠶᠢᠡᠨ ᠨᠠᠮᠠᠶ᠋ᠢ ᠰᠢᠷᠪᠢᠰᠭᠢᠭ᠍ᠰᠡᠨ ᠶᠢᠡᠨ ᠪᠠᠰᠠᠯᠠ ᠴᠢᠨᠠᠭᠰᠢ ᠶᠠᠪᠣᠬᠤ ᠭᠡᠵᠤ ᠵᠢᠦᠡᠭᠦᠯᠡᠨ᠎ᠡ ᠃

ᠭᠦᠰᠡᠯᠳᠤ ᠨᠢᠭᠡᠡᠳᠡ ᠨᠠᠮᠠᠶ᠋ᠢ ᠳᠠᠨᠢᠬᠤ ᠪᠠᠨ ᠪᠣᠯᠢᠴᠢᠬᠠᠵᠠᠢ ᠃ ᠭᠡᠯᠡᠵᠤ ᠪᠠᠢ᠌ᠭ᠎ᠠ ᠶᠢ ᠮᠢᠨᠢ ᠣᠢ᠌ᠯᠭᠠᠵᠤ ᠪᠠᠢ᠌ᠬᠤ ᠡᠰᠡᠭᠦ ᠨᠢ ᠴᠤ ᠦᠯᠦ ᠮᠡᠳᠡᠭ᠍ᠳᠡᠨ᠎ᠡ ᠃ ᠭᠡᠯᠡᠶ᠎ᠡ ᠭᠡᠰᠡᠨ ᠥᠭᠡ ᠲᠦᠮᠡ ᠮᠢᠩᠭ᠋᠎ᠠ ᠪᠠᠢ᠌ᠪᠠᠴᠤ ᠭᠡᠯᠡ ᠮᠢᠨᠢ ᠭᠦᠰᠢᠵᠤ ᠬᠤᠭᠤᠯᠠᠢ ᠮᠢᠨᠢ ᠪᠦᠭ᠍ᠯᠡᠷᠡᠴᠢᠭᠡᠭ᠍ᠰᠡᠨ ᠰᠢᠭ᠌ ᠪᠣᠯᠵᠤ ᠪᠢ ᠮᠡᠨᠡᠭ᠍ᠷᠡᠨ ᠵᠤᠭᠰᠤᠪᠠ ᠃

ᠭᠦᠰᠡᠯᠳᠤ ᠴᠠᠰᠢ ᠶᠠᠪᠣᠵᠤ ᠣᠤᠠᠪᠠ ᠃ ᠢᠳᠠᠷ ᠨᠠᠰᠤᠨ ᠳᠠᠭᠠᠨ ᠡᠪᠦᠭᠡᠵᠢᠶᠡᠷ ᠳᠦᠷᠢ ᠣᠷᠤᠴᠢᠬᠠᠭᠰᠠᠨ ᠳᠡᠭᠦᠨ ᠤ ᠠᠷᠤ ᠶᠢᠨ ᠪᠠᠷ᠎ᠠ ᠶᠢ ᠬᠠᠷᠠᠨ ᠰᠠᠤᠠᠭᠢᠯ ᠰᠢᠮᠰᠢᠷᠡᠩᠭᠡᠨ ᠵᠤᠭᠰᠤᠬᠤ ᠳᠠᠭᠠᠨ ᠪᠢ ᠦᠪᠡᠷ ᠤᠨ ᠰᠠᠤᠠᠭᠢᠯ ᠤᠨ ᠴᠡᠩᠭᠡᠭ᠌ ᠨᠠᠭᠤᠷ ᠲᠤ ᠳᠤᠮᠤ ᠡᠴᠡ ᠳᠤᠮᠤ ᠨᠢᠭᠡᠨ ᠴᠢᠯᠠᠭᠤ ᠣᠨᠠᠴᠢᠬᠠᠭᠠᠤᠨ ᠪᠠᠢ᠌ᠬᠤ ᠶᠢ ᠵᠢᠩᠭᠢᠨᠢ ᠪᠠᠷ ᠮᠠᠳᠠᠷᠠᠪᠠ ᠃


ᠵᠤᠬᠢᠶᠠᠭᠴᠢ᠄ ᠳ᠋ᠦ᠋ᠩ ᠴᠢᠩ
ᠬᠠᠷᠢᠶ᠎ᠠ᠄ ᠥᠭᠥᠯᠡᠯᠭᠡ
ᠳᠠᠷᠤᠮ᠄ 9193
ᠴᠠᠭ᠄ 2005 ᠤᠨ ᠤ 08 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ