☆ ᠰᠢᠨᠠᠪᠠᠶᠠᠷ
ᠰᠦᠨᠠᠰᠤ
ᠪᠢ ᠨᠢᠪᠰᠢᠷᠠᠳᠠᠯ᠎ᠠ ᠪᠠᠨ ᠵᠤᠳᠤᠭᠳᠠᠪᠠ᠃ ᠪᠦᠭᠦ ᠪᠠᠶ᠎ᠠ ᠪᠦᠷ ᠱᠠᠷᠭᠢᠷᠠᠨ ᠡᠪᠡᠳᠴᠤ ᠪᠠᠢ᠌ᠨ᠎ᠠ᠃ ᠬᠠᠴᠠᠷ ᠶᠢᠡᠨ ᠳᠠᠮᠳᠠᠷᠢᠪᠠ᠂ ᠪᠦᠷ ᠭᠦᠭᠡᠷᠡᠴᠤ ᠬᠠᠪᠣᠳᠠᠭᠰᠠᠨ ᠪᠠᠢ᠌ᠯ᠎ᠠ᠃ ᠳᠠᠳᠠᠨᠠᠤᠰ ᠶᠠᠭᠤᠨ ᠳᠤ ᠨᠠᠮ᠎ᠠ ᠶᠢ ᠢᠩᠭᠢᠳᠠᠯ᠎ᠠ ᠪᠠᠨ ᠵᠤᠳᠤᠳᠠᠭ ᠨᠢ ᠪᠣᠢ ︖ ᠥᠭᠡ ᠭᠡᠯᠡ ᠪᠠᠨ ᠮᠠᠷᠳᠠᠭᠰᠠᠨ ᠨᠢᠭᠡ ᠶᠢ ᠨᠢ ᠨᠢᠪᠰᠢᠷᠠᠳᠠᠯ᠎ᠠ ᠵᠤᠳᠤ᠂ ᠦᠨᠳᠦᠰᠦᠳᠠᠨ ᠡᠴᠡ ᠪᠠᠨ ᠣᠷᠪᠠᠭᠰᠠᠨ ᠨᠢᠭᠡ ᠶᠢ ᠨᠢ ᠥᠭᠦᠳᠡᠯ᠎ᠡ ᠵᠠᠠᠴᠢ ᠭᠡᠵᠤ ᠳᠠᠳᠠᠨᠠᠤᠰ ᠤᠨ ᠶᠠᠷᠢᠵᠤ ᠪᠠᠢ᠌ᠬᠤ ᠶᠢ ᠨᠢ ᠪᠢ ᠰᠠᠨᠠᠵᠤ ᠣᠯᠤᠯ᠎ᠠ᠃ ᠶᠠᠭ ᠳᠠᠢ᠌ᠮᠤ᠂ ᠳᠠᠳᠠᠨᠠᠤᠰ ᠳᠡᠭᠡᠵᠤ ᠯᠠ ᠶᠠᠷᠢᠵᠤ ᠪᠠᠢ᠌ᠭᠰᠠᠨ᠃
ᠵᠢᠭᠠᠬᠠᠨ ᠭᠡᠪᠳᠡᠭᠡᠳ ᠪᠢ ᠪᠠᠭ᠎ᠠ ᠰᠡᠭᠡᠰᠭᠢᠵᠤ ᠠᠪᠣᠯ᠎ᠠ᠃ ᠪᠢ ᠮᠠᠨᠠᠷᠠᠭᠠᠤᠨ ᠰᠡᠷᠢᠭ᠍ᠰᠡᠨ ᠪᠠᠢ᠌ᠵᠠᠢ᠃ ᠣᠴᠢᠷ ᠶᠠᠪᠣᠳᠠᠯ ᠤᠨ ᠡᠭᠢ ᠵᠠᠬ᠎ᠠ ᠶᠢ ᠨᠢ ᠬᠤᠯᠪᠣᠵᠤ ᠳᠠᠢ᠌ᠯᠤᠯ᠎ᠠ᠃ ᠪᠦᠭᠦ ᠪᠠᠶ᠎ᠠ ᠠᠭᠵᠢᠰᠭᠢᠵᠤ ᠠᠪᠣᠯ᠎ᠠ᠂ ᠦᠰᠦ ᠪᠣᠰᠤᠮᠠᠷ ᠠᠶᠤᠬᠤᠪᠳᠤᠷ᠂ ᠪᠢ ᠴᠢᠨᠢ ᠡᠷᠯᠢᠭ᠌ ᠤᠨ ᠣᠷᠳᠤᠨ ᠳᠤ ᠢᠷᠡᠴᠢᠭ᠍ᠰᠡᠨ ᠪᠠᠢ᠌ᠨ᠎ᠠ᠃ ᠳᠠᠷᠠᠭ᠎ᠠ ᠳᠦᠷᠤᠯ ᠳᠡᠭᠡᠨ ᠰᠠᠢ᠌ᠨ ᠳᠦᠷᠤᠯ ᠣᠯᠬᠤ ᠰᠠᠨ ᠭᠡᠰᠡᠨ ᠨᠢᠭᠡ ᠯᠠ ᠭᠦᠰᠡᠯ ᠡᠪᠦᠷᠯᠡᠨ ᠢᠷᠡᠭ᠍ᠰᠡᠨ ᠪᠣᠯᠬᠤᠷ ᠡᠨᠡᠭᠦ ᠡᠷᠯᠢᠭ᠌ ᠭᠡᠳᠡᠭ᠌ ᠨᠢ ᠢᠩᠭᠢᠳᠠᠯ᠎ᠠ ᠬᠠᠯᠠ ᠥᠵᠡᠭᠦᠯᠳᠡᠭ᠌ ᠭᠡᠰᠡᠨ ᠢ ᠶᠠᠭᠤᠨ ᠳᠤ ᠳᠦᠰᠦᠭᠡᠯᠡᠵᠤ ᠣᠯᠬᠤ ᠪᠢᠯᠠ᠃ ᠢᠷᠡᠩᠭᠦᠳᠡ ᠯᠠ ᠨᠠᠮ᠎ᠠ ᠶᠢ ᠰᠢᠭᠦᠵᠤ ᠡᠭᠢᠯᠡᠯ᠎ᠡ᠃ ᠶᠠᠭ ᠯᠠ ᠪᠢᠳᠠᠨ ᠤ ᠳᠸᠯᠸᠢᠰ ᠲᠤ ᠬᠠᠷᠠᠳᠠᠭ ᠬᠠᠷ᠎ᠠ ᠴᠢᠷᠠᠢ᠌ᠳᠤ ᠪᠣᠤ ᠴᠢᠩ ᠳᠢᠶᠠᠨ ᠭᠡᠷᠡᠭ᠍ᠳᠡᠨ ᠰᠢᠭᠦᠳᠡᠭ᠌ ᠰᠢᠭ᠌ ᠭᠤᠤᠯ ᠳᠤ ᠨᠢ ᠨᠢᠭᠡ ᠬᠠᠴᠢᠨ ᠴᠢᠷᠠᠢ ᠲᠡᠶ ᠭᠦᠮᠤᠨ ᠰᠢᠷᠡᠭᠡᠨ ᠤ ᠬᠣᠢ᠌ᠨ᠎ᠠ ᠯᠠᠪᠳᠠᠭᠤᠨ ᠰᠠᠭᠤᠵᠤ᠂ ᠰᠢᠷᠡᠭᠡᠨ ᠡᠴᠡ ᠡᠮᠦᠨᠡᠰᠢ ᠬᠤᠶᠠᠷ ᠭᠠᠷᠯᠠᠨ ᠠᠷᠪᠠᠭᠠᠤᠨ ᠭᠦᠮᠤᠨ ᠰᠢᠳᠠᠮ ᠳᠤᠯᠤᠨ ᠵᠤᠭᠰᠤᠭᠰᠠᠨ ᠪᠠᠢ᠌ᠨ᠎ᠠ᠃
《ᠨᠠᠷᠠ ᠴᠢᠨᠢ ᠭᠡᠨ ᠭᠡᠳᠡᠭ᠌᠂ ᠶᠠᠮᠠᠷ ᠵᠢᠯ ᠤᠨ ᠠᠯᠢ ᠡᠳᠦᠷ ᠳᠦᠷᠦᠭ᠍ᠰᠡᠨ ᠪᠣᠢ ︖》 ᠭᠡᠵᠤ ᠬᠠᠴᠢᠨ ᠴᠢᠷᠠᠢ᠌ᠳᠤ ᠰᠢᠭᠦᠭ᠍ᠴᠢ ᠡᠴᠡ ᠠᠰᠠᠭᠤᠵᠤ ᠭᠠᠷᠤᠯ᠎ᠠ᠃
ᠪᠢ ᠳᠠᠭ ᠳᠠᠭ ᠴᠡᠴᠡᠷᠡᠭ᠍ᠰᠡᠭᠡᠷ ᠦᠨᠡᠨ ᠮᠦᠨ ᠪᠠᠷ ᠨᠢ ᠬᠠᠷᠢᠭᠤᠯᠪᠠ᠃
ᠰᠢᠭᠦᠭ᠍ᠴᠢ ᠡᠴᠡ ᠳᠠᠪᠳᠠᠷ ᠣᠷᠪᠠᠭᠤᠯᠤᠨ ᠣᠷᠪᠠᠭᠤᠯᠤᠨ ᠦᠵᠡᠵᠤ ᠪᠠᠢ᠌ᠨ᠎ᠠ᠂ ᠶᠡᠭᠡ ᠯᠠ ᠭᠢᠯᠢᠩᠨᠡᠭ᠍ᠰᠡᠨ ᠰᠢᠠᠵᠢ ᠲᠡᠶ᠃ ᠦᠨᠦ ᠦᠵᠡᠵᠤ ᠪᠠᠢ᠌ᠬᠤ ᠨᠢ ᠡᠷᠯᠢᠭ᠌ ᠤᠨ ᠣᠷᠳᠤᠨ ᠤ 《ᠪᠦᠷᠢᠨ ᠳᠤᠯᠢ》 ᠭᠡᠳᠡᠭ᠌ ᠨᠢ ᠮᠦᠨ ᠪᠣᠯᠤᠯᠳᠠᠢ᠃ ᠠᠮᠢᠳᠤ ᠳᠠᠭᠠᠨ ᠭᠢᠭ᠍ᠰᠡᠨ ᠠᠯᠢᠪᠠ ᠣᠴᠢᠷ ᠢ ᠨᠢ ᠪᠦᠷ ᠡᠨᠡ ᠳᠠᠪᠳᠠᠷ ᠡᠴᠡ ᠮᠠᠳᠠᠵᠤ ᠪᠣᠯᠤᠨ᠎ᠠ ᠭᠡᠵᠤ ᠪᠢ ᠥᠩᠭᠡᠷᠡᠭ᠍ᠰᠡᠨ ᠳᠤ ᠭᠦᠮᠦᠰ ᠤᠨ ᠶᠠᠷᠢᠯᠴᠠᠭᠠᠨ ᠡᠴᠡ ᠰᠤᠨᠤᠰᠴᠤ ᠪᠠᠢ᠌ᠭᠰᠠᠨ᠃ ᠨᠢᠭᠦᠯ ᠭᠢᠯᠢᠠᠴᠠ ᠠᠷᠪᠢᠨ ᠭᠦᠮᠤᠨ ᠢ ᠡᠷᠯᠢᠭ᠌ ᠤᠨ ᠣᠷᠳᠤᠨ ᠳᠤ ᠣᠴᠢᠭᠰᠠᠨ ᠤ ᠳᠠᠷᠠᠭ᠎ᠠ ᠳᠤᠰᠤᠨ ᠳᠤᠭᠤᠭᠠᠨ ᠳᠤ ᠪᠣᠴᠠᠯᠭᠠᠳᠠᠭ ᠭᠡᠵᠤ ᠰᠤᠨᠤᠰᠴᠤ ᠪᠠᠢ᠌ᠯ᠎ᠠ᠃ ᠡᠨᠡ ᠭᠦᠷᠳᠡᠯ᠎ᠡ ᠪᠣᠳᠤᠭᠠᠤᠨ ᠮᠢᠨᠤ ᠪᠦᠭᠦ ᠪᠠᠶ᠎ᠠ ᠳᠠᠭᠵᠢᠵᠤ ᠭᠠᠵᠠᠷ ᠰᠥᠭᠦᠳᠤᠨ ᠣᠨᠠᠯ᠎ᠠ᠃
ᠰᠢᠭᠦᠭ᠍ᠴᠢ ᠡᠴᠡ ᠰᠢᠷᠡᠭᠡ ᠠᠯᠠᠭᠠᠳᠤᠨ ᠪᠣᠰᠴᠤ᠄
《ᠡᠨᠡ ᠮᠠᠭᠤ ᠳᠦᠷᠤᠯ ᠶᠢᠡᠨ ᠪᠠᠷᠠᠭᠰᠠᠨ ᠳᠠᠮᠰᠢᠭ ᠴᠢ᠂ ᠦᠨᠳᠦᠰᠦᠳᠠᠨ ᠶᠠᠰᠤᠳᠠᠨ ᠡᠴᠡ ᠪᠠᠨ ᠣᠷᠪᠠᠵᠤ᠂ ᠥᠭᠡ ᠭᠡᠯᠡ ᠪᠠᠨ ᠮᠠᠷᠳᠠᠭᠰᠠᠨ ᠬᠤᠯᠠᠭᠠᠢ ᠴᠢ᠂ ᠰᠠᠢ᠌ᠬᠠᠨ ᠮᠤᠩᠭ᠋ᠤᠯ ᠭᠡᠯᠡ ᠪᠠᠨ ᠰᠢᠪᠰᠢᠭ᠌ ᠭᠡᠮᠡᠨ ᠰᠤᠷᠬᠤ ᠶᠢ ᠳᠠᠶᠠᠭᠳᠠᠵᠤ᠂ ᠳᠡᠭ᠍ᠷᠢᠯᠢᠭ᠌ ᠮᠤᠩᠭ᠋ᠤᠯ ᠦᠨᠳᠦᠰᠦᠳᠠᠨ ᠶᠢᠡᠨ ᠬᠤᠴᠤᠷᠤᠩᠭ᠋ᠤᠢ ᠭᠡᠮᠡᠨ ᠭᠤᠯᠤᠵᠤ᠂ ᠡᠷᠦᠭᠡ ᠠᠮᠠ ᠶᠢᠨ ᠳᠠᠪᠳᠠᠷ ᠲᠡᠭᠡᠨ ᠦᠨᠳᠦᠰᠦᠳᠠᠨ ᠶᠢᠡᠨ ᠬᠠᠯᠠᠨ᠎ᠠ᠃ ᠥᠭᠡᠷ᠎ᠡ ᠪᠣᠰᠤᠳ ᠲᠡᠶ ᠣᠴᠠᠷᠠᠪᠠᠯ ᠦᠪᠡᠷ ᠤᠨ ᠮᠤᠩᠭ᠋ᠤᠯ ᠶᠢᠡᠨ ᠮᠠᠭᠤᠯᠠᠨ᠎ᠠ ᠴᠢ᠂ ᠴᠢᠨᠤ ᠶᠠᠯ᠎ᠠ ᠳᠡᠭ᠍ᠷᠢ ᠳᠤ ᠳᠤᠯᠤᠯ᠎ᠠ᠃ ᠳᠦᠷᠭᠡᠨ ᠳᠤᠰᠤᠨ ᠳᠤᠭᠤᠭᠠᠨ ᠳᠤ ᠰᠢᠳᠠ》 ᠭᠡᠵᠤ ᠵᠠᠩᠳᠤᠷᠤᠯ᠎ᠠ᠃ ᠪᠢ ᠲᠤᠢ᠌ᠯ ᠤᠨ ᠶᠡᠭᠡ ᠪᠠᠷ ᠰᠠᠠᠳᠤᠷᠴᠤ ᠰᠢᠭᠦᠭ᠍ᠴᠢ ᠶᠢᠨ ᠡᠮᠤᠨ᠎ᠡ ᠮᠥᠯᠭᠦᠵᠤ ᠭᠦᠷᠦᠭᠡᠳ᠄
《ᠰᠢᠭᠦᠭ᠍ᠴᠢ ᠨᠤᠶᠠᠠᠳᠠᠨ ᠡ᠂ ᠠᠪᠣᠷᠠᠯ ᠭᠤᠶᠤᠶ᠎ᠠ᠂ ᠪᠢ ᠪᠠᠰᠠ ᠠᠷᠭ᠎ᠠ ᠦᠭᠡᠶ ᠳᠡᠭᠡᠨ ᠰᠢᠤ᠂ ᠮᠤᠩᠭ᠋ᠤᠯ ᠪᠠᠷ ᠰᠤᠷᠤᠭᠠᠤᠨ ᠰᠢᠯᠭᠠᠪᠠᠯ ᠰᠤᠩᠭ᠋ᠤᠬᠤ ᠰᠤᠷᠭᠠᠭᠤᠯᠢ ᠴᠥᠭᠡᠨ᠂ ᠳᠡᠭᠦᠰᠦᠭᠡᠳ ᠭᠠᠷᠪᠠᠯ ᠠᠵᠢᠯ ᠡᠷᠢᠭᠦ ᠳᠤ ᠭᠦᠴᠢᠷ᠂ ᠨᠡᠢ᠌ᠭᠡᠮ ᠳᠤ ᠣᠷᠤᠰᠢᠬᠤ ᠳᠤ ᠦᠷᠢᠰᠦᠯᠳᠦᠭᠦ ᠭᠦᠴᠤᠨ ᠪᠠᠭᠤᠷᠠᠢ᠁ ᠨᠤᠶᠠᠠᠳᠠᠨ ᠦᠷᠤᠰᠢᠶᠠᠵᠤ ᠬᠠᠢ᠌ᠷᠠᠯᠠ᠂ ᠨᠢᠭᠡ ᠯᠠ ᠣᠳᠠᠭᠠᠨ ᠤ ᠵᠠᠪᠰᠢᠶᠠᠨ ᠥᠭ᠍ᠴᠢᠭᠡ ᠳ᠋ᠠ》 ᠭᠡᠵᠤ ᠡᠩᠰᠡᠷᠡᠨ ᠭᠤᠶᠤᠪᠠ᠃
《ᠡᠨᠡ ᠰᠢᠯᠳᠠᠭᠠᠨ ᠪᠢᠰᠢ᠂ ᠥᠰᠭᠦ ᠡᠴᠡ ᠰᠤᠷᠤᠭᠰᠠᠨ ᠦᠨᠳᠦᠰᠦᠨ ᠭᠡᠯᠡ ᠮᠠᠷᠳᠠᠵᠤ ᠪᠣᠯᠤᠰᠢ ᠦᠭᠡᠶ ᠰᠤᠶᠤᠯ᠂ ᠥᠭᠦᠳᠡᠯ᠎ᠡ ᠣᠷᠤᠰᠢᠬᠤ ᠳᠦᠷᠤᠯᠭᠢ ᠨᠤᠳᠤᠭ ᠰᠠᠯᠵᠤ ᠪᠣᠯᠤᠰᠢ ᠦᠭᠡᠶ ᠣᠷᠤᠨ ᠰᠢᠤ ᠳ᠋ᠠ᠂ ᠮᠤᠩᠭ᠋ᠤᠯ ᠭᠡᠳᠡᠭ᠌ ᠨᠢᠭᠡᠨ ᠦᠨᠳᠦᠰᠦᠳᠠᠨ ᠪᠠᠢ᠌ᠭᠰᠠᠨ ᠡᠴᠡ ᠪᠢᠳᠠ ᠶᠢᠷᠳᠢᠠᠴᠤ ᠶᠢᠨ ᠡᠯᠢᠭᠡᠨᠡ ᠣᠷᠤᠰᠢᠵᠤ᠂ ᠮᠤᠩᠭ᠋ᠤᠯ ᠭᠡᠳᠡᠭ᠌ ᠨᠢᠭᠡᠨ ᠰᠤᠶᠤᠯ ᠪᠠᠢ᠌ᠭᠰᠠᠨ ᠡᠴᠡ ᠪᠢᠳᠠ ᠳᠡᠭ᠍ᠷᠢ ᠶᠢᠨ ᠳᠤᠤᠷ᠎ᠠ ᠪᠣᠰᠤᠭ᠎ᠠ ᠶᠠᠪᠣᠭ᠎ᠠ ᠰᠢᠤ ︕ ᠳᠡᠭ᠍ᠷᠢ ᠭᠠᠵᠠᠷ ᠤᠨ ᠳᠤᠮᠳᠠ ᠪᠣᠰᠤᠭ᠎ᠠ ᠶᠠᠪᠣᠭᠰᠠᠨ ᠮᠤᠩᠭ᠋ᠤᠯᠴᠤᠳ ᠢ ᠬᠠᠷ᠎ᠠ᠂ ᠳᠡᠯᠡᠭᠡᠢ ᠳᠠᠭᠢᠨ ᠤ ᠮᠤᠩᠭ᠋ᠤᠯ ᠡᠷᠳᠡᠮᠳᠡᠨ᠂ ᠮᠡᠷᠭᠡᠵᠢᠯᠳᠡᠨ ᠨᠡᠷ ᠢ ᠦᠵᠡ᠂ ᠦᠪᠡᠷ ᠤᠨ ᠡᠭᠡ ᠭᠡᠯᠡ ᠊᠊᠊᠊᠊᠊᠊᠊᠊᠊᠊᠊᠊᠊᠊ ᠪᠣᠰᠤᠭ᠎ᠠ ᠮᠤᠩᠭ᠋ᠤᠯ ᠭᠡᠯᠡ ᠪᠠᠷ ᠶᠢᠡᠨ ᠰᠤᠷᠴᠤ ᠪᠠᠢ᠌ᠭᠠᠤᠨ ᠡᠷᠳᠡᠮᠳᠡᠨ ᠪᠣᠯᠤᠭᠰᠠᠨ᠂ ᠦᠪᠡᠷ ᠤᠨ ᠳᠡᠭ᠍ᠷᠢᠯᠢᠭ᠌ ᠮᠤᠩᠭ᠋ᠤᠯ ᠰᠤᠶᠤᠯ ᠪᠠᠷ ᠶᠢᠡᠨ ᠰᠤᠳᠤᠯᠵᠤ ᠪᠠᠢ᠌ᠭᠠᠤᠨ ᠴᠢᠳᠠᠪᠣᠷᠢᠳᠠᠨ ᠪᠣᠯᠤᠭᠰᠠᠨ᠁》 ᠭᠡᠵᠤ ᠶᠠᠷᠢᠨ᠎ᠠ᠃
᠁ ᠁
᠁ ᠁
ᠳᠠᠳᠠᠨᠠᠤᠰ ᠨᠠᠮᠢ᠋ᠢ ᠳᠡᠭᠡᠵᠤ ᠯᠠ ᠵᠠᠠᠴᠢᠭᠰᠠᠨ ᠪᠠᠢ᠌ᠵᠠᠢ᠃ ᠪᠢ ᠴᠤ ᠣᠬᠠᠭᠠᠷᠠᠵᠤ ᠠᠪᠣᠯ᠎ᠠ᠂ ᠭᠡᠪᠠᠴᠤ ᠶᠠᠭᠤ ᠭᠡᠯᠡᠭ᠍ᠰᠡᠨ ᠴᠤ ᠬᠤᠵᠢᠭᠳᠠᠭᠰᠠᠨ ᠶᠢᠡᠨ ᠮᠠᠳᠠᠨ᠎ᠡ᠃ ᠥᠭᠦᠯ ᠶᠢᠡᠨ ᠭᠦᠯᠢᠶᠡᠭᠦ ᠯᠠ ᠭᠡᠷᠡᠭ᠌ ᠪᠣᠯᠵᠠᠢ᠃ ᠳᠤᠭᠤᠭᠠᠨ ᠳᠤ ᠬᠠᠶᠠᠵᠤ ᠪᠣᠴᠠᠯᠭᠠᠬᠤ ᠨᠢ ᠬᠠᠮᠤᠭ ᠡᠴᠦᠰ ᠤᠨ ᠰᠢ᠌ᠳᠭᠡᠯ ᠭᠡᠨ᠎ᠡ᠃ ᠭᠦᠮᠤᠨ ᠥᠭᠦᠪᠠᠯ ᠡᠷᠯᠢᠭ᠌ ᠤᠨ ᠣᠷᠳᠤᠨ ᠳᠤ ᠭᠦᠷᠴᠤ ᠰᠦᠨᠠᠰᠤ ᠪᠠᠨ ᠳᠠᠩᠰᠠᠯᠠᠭᠤᠯᠵᠤ᠂ ᠳᠠᠭᠢᠨ ᠳᠦᠷᠤᠯ ᠣᠯᠵᠤ ᠶᠠᠷᠳᠢᠠᠴᠤ ᠳᠤ ᠵᠠᠶᠠᠭᠠᠳᠠᠭ ᠭᠡᠰᠡᠨ᠃ ᠳᠠᠷᠠ ᠳᠤᠭᠤᠭᠠᠨ ᠳᠤ ᠣᠷᠤᠭᠰᠠᠭᠠᠷ ᠰᠦᠨᠠᠰᠤ ᠴᠤ ᠦᠭᠡᠶ ᠪᠣᠯᠵᠤ ᠳᠠᠭᠢᠨ ᠳᠦᠷᠤᠯ ᠣᠯᠬᠤ ᠦᠭᠡᠶ ᠭᠡᠨ᠎ᠡ᠃
ᠡᠭᠦᠳᠡ ᠨᠡᠭᠡᠭᠡᠭ᠍ᠳᠡᠵᠤ ᠭᠦᠮᠤᠨ ᠣᠷᠤᠵᠤ ᠢᠷᠠᠯ᠎ᠠ᠃ ᠳᠠᠪᠠᠭ ᠳᠦᠭᠦᠷᠡᠩ ᠮᠢᠬ᠎ᠠ ᠪᠠᠰᠠ ᠠᠷᠢᠭᠢ ᠲᠡᠶ ᠳᠡᠭᠦᠵᠢᠯᠡᠵᠤ ᠣᠷᠤᠵᠤ ᠢᠷᠠᠯ᠎ᠠ᠃
《ᠳᠠ ᠰᠠᠢ᠌ᠨ ᠵᠤᠭᠤᠭᠯᠠᠭᠠᠷᠠᠢ᠂ ᠪᠢᠳᠡᠭᠡᠢ ᠦᠯᠦᠨ ᠮᠤᠷᠳᠠ ᠳ᠋ᠠ》 ᠭᠡᠵᠤ ᠶᠠᠷᠢᠭᠠᠤᠨ ᠶᠠᠭᠤᠮ᠎ᠠ ᠪᠠᠨ ᠳᠠᠯᠪᠢᠭᠠᠤᠨ ᠭᠠᠷᠴᠤ ᠶᠠᠪᠣᠯ᠎ᠠ᠃
ᠡᠨᠡ ᠨᠢ ᠮᠤᠷᠳᠠᠬᠤ ᠪᠣᠳᠠᠭ᠎ᠠ ᠭᠡᠰᠡᠨ ᠢ ᠪᠢ ᠮᠠᠳᠠᠨ᠎ᠡ᠃
ᠥᠰᠭᠦ ᠡᠴᠡ ᠰᠤᠷᠤᠭᠰᠠᠨ ᠦᠨᠳᠦᠰᠦᠨ ᠭᠡᠯᠡ
ᠮᠠᠷᠳᠠᠵᠤ ᠪᠣᠯᠤᠰᠢ ᠦᠭᠡᠶ ᠰᠤᠶᠤᠯ
ᠥᠭᠦᠳᠡᠯ᠎ᠡ ᠣᠷᠤᠰᠢᠬᠤ ᠳᠦᠷᠤᠯᠭᠢ ᠨᠤᠳᠤᠭ
ᠰᠠᠯᠵᠤ ᠪᠣᠯᠤᠰᠢ ᠦᠭᠡᠶ ᠣᠷᠤᠨ᠃
ᠵᠤᠬᠢᠶᠠᠭᠴᠢ ᠶᠢᠨ ᠬᠠᠶᠢᠭ ᠄ ᠣᠯᠠᠭᠠᠠᠬᠠᠳᠠ ᠬᠤᠳᠠ ᠣᠩᠨᠢᠭᠤᠳ ᠬᠤᠰᠢᠭᠤ
ᠵᠤᠬᠢᠶᠠᠭᠴᠢ᠄ ᠰᠢᠨᠠᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠥᠭᠥᠯᠡᠯᠭᠡᠳᠠᠷᠤᠮ᠄ 9282
ᠴᠠᠭ᠄ 2011 ᠤᠨ ᠤ 12 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ