ᠨᠡᠪᠲᠡᠷᠡᠨ ᠤᠷᠤᠬᠤ
ᠭᠠᠵᠠᠷ ᠰᠢᠷᠤᠢ

ᠭᠠᠵᠠᠷ ᠰᠢᠷᠤᠢ ᠲᠠᠭᠠᠨ ᠬᠠᠢ᠌ᠷ᠎ᠠ ᠦᠭᠡᠶ ᠭᠦᠮᠤᠨ

ᠡᠷ᠎ᠡ ᠭᠦᠮᠤᠨ ᠪᠢᠰᠢ

ᠭᠠᠭᠴᠠ ᠮᠥᠭᠦᠯᠢᠭ᠌ ᠰᠢᠷᠤᠢ ᠦᠭᠡᠶ ᠭᠦᠮᠤᠨ

ᠡᠨᠡ ᠭᠦᠮᠤᠨ ᠪᠢᠰᠢ

᠊᠊᠊᠊᠊᠊᠊᠊᠊᠊᠊᠊᠊᠊᠊ ᠠᠷᠳᠠᠢ


ᠣᠢ ᠶᠢᠨ ᠶᠢᠡᠨ ᠭᠡᠪᠠᠯᠢ ᠡᠴᠡ

ᠡᠨᠡᠭᠡᠨ ᠬᠤᠷᠸ᠎ᠠ ᠳᠤ ᠮᠡᠡᠳᠦᠯᠡᠭᠦ

ᠡᠩᠭᠡᠷ ᠶᠢᠡᠨ ᠳᠠᠪᠢᠰᠤᠨ ᠳᠤᠰᠤᠯ᠎ᠠ

ᠡᠭᠡ ᠨᠤᠳᠤᠭ ᠤᠨ ᠮᠢᠨᠢ ᠭᠠᠵᠠᠷ ᠰᠢᠷᠤᠢ ᠪᠣᠶᠤ

ᠬᠠᠨᠠᠳᠤ ᠭᠡᠷ ᠤᠨ ᠶᠢᠡᠨ ᠵᠡᠭᠦᠡᠳᠡᠢ

ᠳᠤᠯᠭ᠎ᠠ ᠶᠢᠨ ᠭᠠᠯ ᠤᠨ ᠶᠢᠡᠨ ᠭᠦᠪᠠᠭᠦᠨ ᠳᠤ

ᠡᠵᠢ ᠮᠢᠨᠢ ᠦᠷ᠎ᠡ ᠨᠠᠮᠢ᠋ᠢ ᠪᠠᠨ

ᠦᠨᠡᠰᠤ ᠰᠢᠷᠤᠢ ᠪᠠᠷ ᠠᠷᠢᠭᠤᠤᠠᠬᠠᠨ ᠬᠠᠭᠤᠷᠠᠢ᠌ᠯᠠᠬᠤ ᠳ᠋ᠤ

ᠡᠷᠳᠡᠨᠢ ᠶᠢᠨ ᠰᠢᠷᠤᠢ ᠪᠣᠯᠵᠤ ᠪᠠᠢ᠌ᠭᠰᠠᠨ ᠪᠣᠶᠤ

ᠨᠠᠷᠠᠨ ᠤ ᠦᠭ‍ᠭᠦᠭ᠍ᠰᠡᠨ ᠰᠡᠭᠦᠳᠡᠷ ᠪᠦᠭᠦᠨ ᠵᠢᠠᠷ

ᠭᠠᠵᠠᠷ ᠲᠤ ᠨᠠᠮᠢ᠋ᠢ ᠵᠢᠷᠤᠵᠤ

ᠨᠠᠪᠴᠢ ᠡᠪᠠᠰᠤᠨ ᠳᠡᠭᠡᠷ᠎ᠡ ᠪᠠᠭᠤᠭᠰᠠᠨ ᠰᠢᠭᠦᠳᠡᠷᠢ ᠪᠦᠭᠦᠨ ᠢ

ᠭᠠᠵᠠᠷ ᠰᠢᠷᠤᠢ ᠮᠢᠨᠢ ᠳᠤᠰᠴᠤ

ᠨᠠᠭᠠᠳᠤᠨ ᠳᠠᠷᠪᠠᠵᠤ ᠭᠦᠶ‍ᠦᠭ᠍ᠰᠡᠨ ᠪᠠᠭ᠎ᠠ ᠶᠢᠨ ᠳᠡᠦᠭᠡ ᠪᠦᠭᠦᠨ ᠢ

ᠭᠠᠵᠠᠷ ᠰᠢᠷᠤᠢ ᠮᠢᠨᠢ ᠨᠠᠳᠠ ᠳᠠᠭᠠᠨ ᠳᠡᠮᠳᠡᠭᠯᠡᠨ

ᠨᠠᠷᠮᠠᠢ ᠶᠡᠭᠡ ᠨᠡᠭᠦᠳᠡᠯᠴᠢᠨ ᠣᠭᠰᠠᠭᠠᠳᠠᠨ ᠢ

ᠨᠠᠷᠠᠳᠤ ᠶᠢᠨ ᠬᠤᠷᠸ᠎ᠠ ᠳᠤ ᠭᠡᠰᠢᠭ᠌ ᠶᠢᠡᠷ ᠱᠠᠩᠨᠠᠵᠤ ᠢᠷᠡᠭ᠍ᠰᠡᠨ

ᠭᠠᠵᠠᠷ ᠰᠢᠷᠤᠢ ᠮᠢᠨᠢ ᠪᠣᠶᠤ

ᠵᠠᠭᠤᠨ ᠵᠠᠭᠤᠨ ᠵᠢᠯ ᠵᠢᠠᠷ

ᠵᠤᠳ ᠪᠣᠷᠤᠭᠠᠨ ᠳᠤ ᠴᠤᠭᠢᠭᠳᠠᠨ ᠬᠠᠰᠢᠷ ᠥᠰᠦᠭᠡᠤᠨ

ᠬᠤᠯᠠ ᠶᠢᠨ ᠬᠤᠯᠠ ᠭᠠᠵᠠᠷ ᠶᠠᠪᠣᠬᠤ ᠳᠠᠭᠠᠨ ᠴᠤ

ᠬᠤᠪᠳᠤᠯ  ᠵᠢᠷᠦᠭᠡᠨ ᠳᠡᠭᠡᠨ ᠨᠤᠳᠤᠭ ᠤᠨ ᠠᠯᠳᠠᠨ ᠰᠢᠷᠤᠢ ᠪᠠᠨ

ᠡᠪᠦᠷᠯᠡᠵᠤ ᠶᠠᠪᠣᠳᠠᠭ ᠡᠪᠦᠭᠡᠤᠨ ᠤᠨ ᠮᠢᠨᠢ ᠭᠠᠵᠠᠷ ᠰᠢᠷᠣᠢ᠌ᠨ ᠤ ᠬᠠᠢ᠌ᠷ᠎ᠠ ᠪᠣᠶᠤ

ᠠᠪᠣ ᠶᠢᠨ ᠨᠤᠳᠤᠭ ᠡᠴᠡ ᠠᠶᠠᠷᠯᠠᠨ ᠬᠤᠯᠠᠳᠬᠤ ᠳ᠋ᠤ

ᠠᠷᠤ ᠡᠴᠡ ᠳᠡᠭ᠍ᠷᠢ ᠨᠢ ᠴᠤ ᠴᠡᠯᠮᠡᠢ᠌ᠭᠡᠤᠨ

ᠵᠡᠷᠭᠡᠯᠭᠡᠨ ᠨᠢ ᠴᠡᠩᠭᠡᠷᠯᠡᠨ ᠤᠨᠢᠶᠠᠷᠳᠠᠳᠠᠭ ᠨᠢ

ᠵᠠᠶᠠᠭ᠎ᠠ ᠬᠤᠯᠪᠣᠭᠠᠳᠤ ᠭᠠᠵᠠᠷ ᠣᠰᠤᠨ ᠮᠢᠨᠢ ᠪᠣᠶᠤ

ᠭᠠᠳᠠᠰᠤ ᠪᠠᠨ ᠭᠠᠵᠠᠷ ᠬᠠᠳᠬᠤᠬᠤ ᠳ᠋ᠠᠭᠠᠨ

ᠭᠠᠰᠠᠯᠵᠤ ᠨᠢᠭᠡ ᠠᠪᠳᠠᠭ ᠠᠪᠣ ᠶᠢᠨ ᠮᠢᠨᠢ ᠰᠠᠨᠠᠭ᠎ᠠ

ᠭᠠᠭᠴᠠ ᠰᠢᠷᠭᠡᠭ᠌ ᠡᠪᠠᠰᠤ ᠳᠠᠰᠤᠯᠬᠤ ᠳ᠋ᠠᠭᠠᠨ  ᠴᠤ

ᠵᠢᠷᠦᠭᠡ ᠨᠢ ᠰᠢᠮᠰᠢᠷᠠᠨ ᠪᠠᠢ᠌ᠳᠠᠭ ᠡᠵᠢ ᠶᠢᠨ ᠮᠢᠨᠢ ᠦᠷᠦᠪᠳᠤᠯ

ᠭᠠᠵᠠᠷ ᠰᠢᠷᠤᠢ ᠪᠠᠨ ᠭᠠᠯᠪᠠ ᠶᠢᠨ ᠡᠷᠳᠡᠨᠢ ᠪᠠᠷ ᠥᠵᠡᠳᠡᠭ᠌

ᠭᠠᠢ᠌ᠬᠠᠮᠰᠢᠭᠳᠤ ᠪᠠᠢ᠌ᠭᠠᠯᠯᠢᠭ ᠡᠭᠡ ᠣᠷᠤᠨ ᠮᠢᠨᠢ ᠪᠣᠶᠤ

ᠥᠷᠭᠡᠨ ᠳᠠᠯ᠎ᠠ ᠶᠢᠨ ᠭᠠᠵᠠᠷ ᠣᠰᠤᠨ ᠶᠢᠡᠨ ᠭᠡᠮᠡᠨ

ᠦᠷᠦ ᠵᠢᠷᠦᠭᠡ ᠨᠢ ᠥᠡᠳᠡᠭᠡᠯᠵᠡᠨ

ᠭᠦᠳᠡᠭᠡ ᠭᠠᠳᠠᠭ᠎ᠠ ᠭᠠᠯᠯᠠᠬᠤ ᠳᠠᠭᠠᠨ ᠴᠤ

ᠭᠠᠵᠠᠷ ᠲᠤ ᠭᠠᠢ ᠳᠣᠢ᠌ᠮᠠᠷ ᠭᠦᠷᠭᠡᠯ ᠥᠭᠡᠢ

ᠭᠠᠯ ᠤᠨ ᠶᠢᠡᠨ ᠢᠯᠴᠢ ᠶᠢ ᠳᠤᠯᠭ᠎ᠠ ᠶᠢᠨ ᠭᠤᠷᠪᠠᠨ ᠴᠢᠯᠠᠭᠤ ᠪᠠᠷ ᠬᠠᠰᠢᠳᠠᠭ ᠨᠢ

ᠭᠠᠵᠠᠷ ᠰᠢᠷᠤᠢ ᠪᠠᠨ ᠳᠡᠭᠡᠳᠦᠯᠡᠳᠡᠭ᠌ ᠳᠡᠭᠡᠳᠦᠰ ᠤᠨ ᠣᠬᠠᠭᠠᠨ ᠪᠣᠶᠤ

ᠬᠠᠭᠠᠨ ᠪᠣᠭᠳᠠ ᠡᠵᠡᠨ ᠴᠢᠩᠭᠢᠰ ᠡᠴᠡ

ᠭᠠᠳᠠ ᠮᠠᠢ᠌ᠷᠠᠨ ᠤ ᠭᠠᠪᠢᠶ᠎ᠠ ᠴᠤ

ᠭᠠᠵᠠᠷ ᠣᠰᠤᠨ ᠤ ᠪᠠᠨ ᠳᠦᠯᠦᠭᠡ

ᠭᠠᠯ ᠵᠢᠷᠦᠭᠡ ᠪᠠᠨ ᠡᠷᠭᠦᠭ᠍ᠰᠡᠨ ᠪᠠᠭᠠᠳᠤᠷᠯᠢᠭ ᠳᠡᠦᠭᠡ ᠪᠣᠶᠤ

ᠮᠢᠩᠭ᠋᠎ᠠ ᠮᠢᠩᠭ᠋ᠠᠨ ᠵᠢᠯ

ᠦᠷ᠎ᠡ ᠮᠠᠨᠤᠰ ᠲᠠᠭᠠᠨ ᠥᠯᠡᠳᠡᠭᠡᠭ᠍ᠰᠡᠨ

ᠳᠡᠭ᠍ᠷᠢᠯᠢᠭ᠌ ᠮᠤᠩᠭ᠋ᠤᠯ ᠭᠠᠵᠠᠷ ᠣᠰᠤᠨ ᠭᠡᠵᠤ

ᠳᠡᠭᠡᠳᠤ ᠶᠢᠨ ᠶᠡᠭᠡ ᠦᠪ ᠪᠣᠶᠤ

ᠭᠡᠢ ᠮᠤᠷᠢ ᠶᠢᠨ ᠰᠠᠯᠭᠢ ᠪᠠᠷ ᠢᠯᠪᠠᠭᠦᠯᠵᠤ

ᠭᠡᠰᠢᠭ᠌ ᠪᠣᠶᠠᠨ ᠶᠢᠡᠨ ᠰᠢᠩᠭᠡᠭᠡᠵᠤ

ᠡᠪᠦᠭᠡ ᠳᠡᠭᠡᠳᠦᠰ ᠤᠨ ᠮᠢᠨᠢ

ᠣᠢ᠌ᠯᠠ ᠥᠯᠢᠭᠡᠷ ᠢ ᠥᠯᠡᠳᠡᠭᠡᠭ᠍ᠰᠡᠨ

ᠡᠷᠳᠡᠨᠢ ᠶᠢᠨ ᠢᠪᠠᠭᠡᠯᠳᠤ ᠭᠠᠵᠠᠷ ᠰᠢᠷᠤᠢ ᠭᠡᠵᠤ

ᠮᠤᠩᠭ᠋ᠤᠯ ᠡᠭᠡ ᠣᠷᠤᠨ ᠳ᠋ᠠᠭᠠᠨ

ᠮᠥᠩᠭᠡᠳᠡ ᠰᠥᠵᠦᠭᠯᠡᠨ ᠳᠠᠭᠢᠬᠤ ᠶᠤᠰᠤᠳᠠᠢ

ᠮᠥᠩᠭᠡ ᠳᠡᠭ᠍ᠷᠢ ᠶᠢᠨ ᠰᠠᠨᠠᠭ᠎ᠠ ᠪᠣᠶᠤ᠃

ᠵᠤᠬᠢᠶᠠᠭᠴᠢ᠄ ᠼ·ᠣᠯᠠᠭᠠᠠᠠᠤᠳᠤ
ᠢᠷᠡᠯᠲᠡ᠄ ᠨᠡᠷᠡᠡᠴᠡᠴᠡᠭ᠌
ᠬᠠᠷᠢᠶ᠎ᠠ᠄ ᠰᠢᠯᠦᠭ
ᠳᠠᠷᠤᠮ᠄ 3844
ᠴᠠᠭ᠄ 2007 ᠤᠨ ᠤ 11 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ