ᠨᠡᠪᠲᠡᠷᠡᠨ ᠤᠷᠤᠬᠤ
ᠥᠨᠳᠦᠷ ᠪᠦᠳᠦᠮᠵᠢᠳᠤ ᠭᠡᠴᠢᠶᠡᠯᠯᠡᠭᠡ ᠶᠢᠨ ᠡᠭᠢ ᠰᠤᠷᠪᠣᠯᠵᠢ ᠶᠢ ᠮᠤᠩᠭ᠋ᠤᠯ ᠰᠤᠷᠭᠠᠭᠤᠯᠢ ᠳᠤ ᠶᠠᠭᠠᠭᠢᠵᠤ ᠳᠤᠷᠰᠢᠨ ᠭᠡᠷᠡᠭ᠍ᠰᠡᠭᠦ ᠳᠤᠬᠠᠢ

ᠨᠢᠭᠡ᠄ ᠦᠨᠳᠦᠷ ᠪᠦᠳᠦᠮᠵᠢᠳᠤ ᠭᠢᠴᠢᠶᠡᠯᠯᠡᠭᠡ ᠶᠢᠨ ᠡᠭᠢ ᠰᠤᠷᠪᠣᠯᠵᠢ ᠭᠡᠭ᠍ᠴᠢ ᠶᠠᠭᠤ ᠪᠣᠢ ︖

① ᠰᠤᠷᠤᠭᠴᠢ ᠨᠢᠭᠡᠪᠦᠷᠢ ᠭᠢᠴᠢᠶᠡᠯ ᠪᠣᠯᠭᠠᠨ ᠳᠤ ᠴᠦᠮ ᠦᠪᠡᠷ ᠤᠨ ᠭᠡᠰᠡᠨ ᠠᠵᠢᠯ ᠭᠢᠳᠠᠯ ᠲᠡᠶ ᠪᠠᠢ᠌ᠬᠤ᠃ ᠳᠠᠷᠤᠢ ᠭᠢᠴᠢᠶᠡᠯ ᠤᠨ ᠪᠦᠭᠦᠢᠯᠡ ᠶᠠᠪᠣᠴᠠ ᠳᠤ ᠰᠤᠷᠤᠭᠴᠢ ᠨᠢᠭᠡᠪᠦᠷᠢ ᠶᠢᠨ ᠭᠦᠭ᠍ᠵᠢᠯᠳᠡ ᠶᠢ ᠠᠭᠢᠭᠤᠯᠤᠨ ᠠᠩᠬᠠᠷᠬᠤ ᠶᠢ ᠭᠡᠯᠡᠨ᠎ᠡ᠃

② ᠪᠣᠳᠠᠳᠠᠢ ᠭᠢᠴᠢᠶᠡᠯᠡᠯᠭᠡ ᠶᠢᠨ ᠳᠤᠮᠳᠠ ᠰᠤᠷᠤᠭᠴᠢ ᠶᠢᠨ ᠮᠡᠳᠡᠯᠭᠡ ᠶᠢᠨ ᠬᠤᠷᠤᠮᠳᠤᠭᠤᠯᠤᠯ ᠭᠢᠭᠡᠳ ᠭᠦᠴᠢᠷᠳᠡᠯ ᠢ ᠢᠯᠠᠨ ᠳᠠᠪᠠᠬᠤ ᠴᠢᠳᠠᠪᠣᠷᠢ ᠶᠢ ᠬᠠᠮᠤᠭ ᠦᠨᠳᠦᠷ ᠭᠡᠮᠵᠢᠶᠡᠨ ᠳᠤ ᠭᠦᠷᠳᠡᠯ᠎ᠡ ᠳᠡᠭᠡᠭ᠍ᠰᠢᠯᠡᠭᠦᠯᠭᠦ ᠳᠦᠲᠡ ᠠᠷᠭ᠎ᠠ ᠵᠠᠮ ᠢ ᠭᠡᠯᠡᠨ᠎ᠡ᠃

③ ᠭᠢᠴᠢᠶᠡᠯ ᠨᠢ ᠰᠤᠷᠤᠭᠴᠢ ᠶᠢ ᠶᠠᠷᠰᠢᠭ ᠳᠦᠪᠠᠭ᠍ᠳᠡᠢ ᠰᠤᠷᠤᠯᠴᠠᠯᠭ᠎ᠠ ᠶᠢᠨ ᠬᠠᠯᠠ ᠳᠠᠮᠤ ᠡᠴᠡ ᠴᠢᠯᠦᠭᠡᠯᠡᠵᠤ᠂ ᠰᠤᠷᠤᠯᠴᠠᠯᠭ᠎ᠠ ᠶᠢ ᠪᠠᠶᠠᠷ ᠴᠡᠩᠭᠡᠯ ᠪᠣᠯᠭᠠᠵᠤ᠂ ᠭᠦᠡᠳᠤ ᠨᠦᠰᠠᠷ ᠳᠠᠰᠬᠠᠯ ᠳᠠᠭᠠᠭᠠᠯᠭᠠᠪᠣᠷᠢ ᠶᠢ ᠭᠢᠴᠢᠶᠡᠯ ᠳᠡᠭᠡᠷ᠎ᠡ ᠰᠢ᠌ᠳᠪᠦᠷᠢᠯᠡᠭᠡᠳ ᠰᠤᠷᠤᠭᠴᠢ ᠶᠢᠨ ᠳᠠᠷᠤᠭᠠᠰᠤ ᠶᠢ ᠦᠨᠳᠦᠰᠦᠨ ᠡᠴᠡ ᠨᠢ ᠪᠠᠭᠠᠰᠬᠠᠬᠤ ᠶᠢᠨ ᠵᠡᠷᠭᠡᠪᠠᠷ ᠰᠤᠷᠤᠯᠴᠠᠯᠭ᠎ᠠ ᠶᠢᠨ ᠦᠷ᠎ᠡ ᠪᠦᠳᠦᠮᠵᠢ ᠶᠢ ᠨᠠᠩ ᠦᠨᠳᠦᠷ ᠲᠤ ᠭᠦᠷᠭᠡᠭᠦ ᠶᠢ ᠭᠡᠯᠡᠨ᠎ᠡ᠃

④ ᠪᠠᠭᠰᠢ ᠪᠣᠯᠤᠨ ᠰᠤᠷᠤᠭᠴᠢ ᠭᠢᠭᠡᠳ ᠵᠢᠭᠠᠬᠤ ᠪᠣᠯᠤᠨ ᠰᠤᠷᠬᠤ ᠶᠢᠨ ᠬᠤᠭᠤᠷᠤᠠᠳᠤᠭᠢ ᠵᠦᠷᠢᠴᠠᠯ ᠢ ᠦᠨᠳᠦᠰᠦᠨ ᠡᠴᠡ ᠨᠢ ᠰᠢ᠌ᠤᠠᠪᠣᠷᠢᠯᠠᠵᠤ᠂ ᠰᠤᠷᠤᠭᠴᠢ ᠶᠢᠨ ᠪᠠᠶ᠎ᠠ ᠪᠠᠨ ᠳᠠᠭᠠᠭᠠᠨ ᠰᠤᠷᠤᠯᠴᠠᠬᠤ ᠪᠠ ᠪᠦᠳᠦᠭᠡᠯᠴᠢ ᠪᠠᠷ ᠰᠡᠳᠭᠢᠭᠦ ᠵᠠᠮ ᠢ ᠳᠠᠪᠢᠰᠴᠤ ᠦᠭ‍ᠭᠦᠭ᠍ᠰᠡᠨ ᠢ ᠭᠡᠯᠡᠨ᠎ᠡ᠃

ᠬᠤᠶᠠᠷ᠄ ᠦᠨᠳᠦᠷ ᠪᠦᠳᠦᠮᠵᠢᠳᠤ ᠭᠡᠴᠢᠶᠡᠯᠡᠯᠭᠡ ᠶᠢᠨ ᠵᠢᠯᠤᠭᠤᠳᠬᠤ ᠦᠵᠡᠯ ᠰᠠᠨᠠᠭ᠎ᠠ᠄

ᠰᠤᠷᠤᠭᠴᠢ ᠪᠠᠨ ᠢᠳᠡᠭᠡᠵᠤ᠂ ᠰᠤᠷᠤᠭᠴᠢ ᠶᠢ ᠴᠢᠯᠦᠭᠡᠯᠡᠨ᠂ ᠰᠤᠷᠤᠭᠴᠢᠳ ᠲᠤ ᠳᠦᠰᠢᠭᠯᠡᠨ᠂ ᠰᠤᠷᠤᠭᠴᠢ ᠪᠠᠨ ᠭᠦᠭ᠍ᠵᠢᠭᠦᠯᠭᠦ ᠪᠣᠯ ᠳᠡᠭᠦᠨ ᠤ ᠵᠢᠯᠤᠭᠤᠳᠬᠤ ᠦᠵᠡᠯ ᠰᠠᠨᠠᠭ᠎ᠠ ᠮᠦᠨ᠃

ᠭᠤᠷᠪᠠ᠄ ᠦᠨᠳᠦᠷ ᠪᠦᠳᠦᠮᠵᠢᠳᠤ ᠭᠢᠴᠢᠶᠡᠯᠯᠡᠭᠡ ᠪᠠᠷ ᠭᠡᠴᠢᠶᠡᠯᠯᠡᠭᠦ ᠭᠤᠤᠯ ᠵᠠᠷᠴᠢᠮ᠄

① ᠱᠠᠳᠤ ᠬᠤᠪᠢᠶᠠᠨ ᠭᠢᠴᠢᠶᠡᠯᠯᠡᠭᠦ ᠵᠠᠷᠴᠢᠮ᠄ ᠬᠠᠷᠠᠯᠳᠠ ᠪᠠᠨ ᠱᠠᠳᠤ ᠬᠤᠪᠢᠶᠠᠵᠤ᠂ ᠰᠤᠷᠤᠯᠴᠠᠯᠭ᠎ᠠ ᠪᠠᠨ ᠱᠠᠳᠤ ᠬᠤᠪᠢᠶᠠᠵᠤ᠂ ᠱᠠᠳᠤ ᠬᠤᠪᠢᠶᠠᠨ ᠬᠠᠷᠠᠯᠳᠠ ᠳᠠᠭᠠᠨ ᠭᠦᠷᠴᠤ᠂ ᠱᠠᠳᠤ ᠬᠤᠪᠢᠶᠠᠨ ᠪᠣᠯᠪᠠᠰᠤᠷᠠᠯᠳᠠ ᠭᠢᠭᠦ ᠶᠢ ᠭᠡᠯᠡᠨ᠎ᠡ᠃

② ᠰᠤᠩᠭ᠋ᠤᠯᠳᠠ ᠶᠢᠨ ᠴᠢᠨᠠᠷᠳᠠᠢ ᠰᠤᠷᠤᠯᠴᠠᠬᠤ ᠵᠠᠷᠴᠢᠮ᠄ ᠰᠤᠷᠤᠭᠴᠢ ᠦᠪᠡᠷ ᠤᠨ ᠰᠠᠢ᠌ᠨ ᠳᠤᠷ᠎ᠠ ᠡᠴᠡ ᠪᠠᠨ ᠣᠴᠢᠵᠤ᠂ ᠰᠤᠩᠭ᠋ᠤᠨ ᠰᠤᠷᠬᠤ ᠨᠢ ᠳᠡᠭᠦᠨ ᠤ ᠪᠠᠶ᠎ᠠ ᠪᠠᠨ ᠳᠠᠭᠠᠭᠠᠬᠤ ᠴᠢᠨᠠᠷ ᠪᠠ ᠡᠭᠦᠳᠤᠨ ᠪᠦᠳᠦᠭᠡᠭᠦ ᠴᠢᠨᠠᠷ ᠤᠨ ᠢᠯᠠᠷᠠᠯᠳᠠ ᠶᠢ ᠭᠡᠯᠡᠨ᠎ᠡ᠃

③ ᠪᠦᠭᠦᠢᠯᠡ ᠴᠤᠭᠴᠠᠳᠤ ᠵᠢᠭᠠᠨ ᠰᠤᠷᠭᠠᠬᠤ ᠵᠠᠷᠴᠢᠮ᠄ ᠵᠢᠭᠠᠬᠤ ᠮᠠᠲ᠋ᠸᠷᠢᠶᠠᠯ ᠵᠢᠡᠨ ᠪᠦᠷᠢᠨ ᠳᠦᠭᠦᠷ ᠪᠣᠯᠭᠠᠵᠤ᠂ ᠣᠳᠤᠭᠢᠴᠢᠯᠠᠭᠰᠠᠨ ᠵᠢᠭᠠᠬᠤ ᠪᠠᠭᠠᠵᠢ ᠭᠡᠷᠡᠭ᠍ᠰᠡᠯ ᠶᠢᠡᠷ ᠬᠠᠪᠰᠤᠷᠠᠭᠤᠯᠵᠤ᠂ ᠪᠦᠭᠦ ᠰᠤᠷᠤᠭᠴᠢᠳ ᠲᠤ ᠬᠠᠠᠳᠤᠨ ᠪᠦᠭᠦᠳᠡᠭᠡᠷ ᠶᠢᠡᠨ ᠰᠤᠷᠬᠤ ᠶᠢ ᠭᠡᠯᠡᠨ᠎ᠡ᠃

④ ᠵᠢᠭᠠᠨ ᠰᠤᠷᠭᠠᠯᠳᠠ ᠶᠢᠨ ᠳᠡᠯᠭᠡᠨ ᠥᠵᠡᠭᠦᠯᠭᠦ ᠵᠠᠷᠴᠢᠮ᠄ ᠳᠡᠯᠭᠡᠨ ᠥᠵᠡᠭᠦᠯᠭᠦ ᠨᠢ ᠰᠤᠷᠤᠯᠴᠠᠬᠤ ᠶᠢᠨ ᠳᠤᠳᠤᠭᠠᠳᠤ ᠭᠦᠳᠡᠯᠭᠡᠭᠦ ᠭᠦᠴᠤᠨ ᠪᠣᠯᠵᠤ᠂ ᠰᠢᠬᠠᠮᠳᠠᠭᠳᠠᠨ ᠰᠤᠷᠤᠯᠴᠠᠬᠤ ᠶᠠᠪᠣᠳᠠᠯ ᠢ ᠳᠤᠷᠠᠳᠠᠢ ᠰᠤᠷᠬᠤ ᠶᠠᠪᠣᠳᠠᠯ ᠪᠣᠯᠭᠠᠨ ᠬᠤᠪᠢᠷᠠᠭᠤᠯᠤᠨ᠎ᠠ᠃

⑤ ᠬᠠᠷᠢᠭᠤ ᠳᠤᠰᠬᠠᠨ ᠳᠤᠭᠢᠷᠠᠭᠤᠯᠬᠤ ᠵᠠᠷᠴᠢᠮ᠄ ᠠᠰᠠᠭᠤᠳᠠᠯ ᠢ ᠢᠯᠡᠷᠡᠭᠦᠯᠭᠦ ᠪᠠ ᠪᠠᠷᠢᠨ ᠳᠤᠤᠷ᠎ᠠ ᠨᠢ ᠰᠢ᠌ᠳᠪᠦᠷᠢᠯᠡᠭᠦ ᠶᠢ ᠭᠡᠯᠡᠨ᠎ᠡ᠃

ᠳᠦᠷᠪᠠ᠄ ᠦᠨᠳᠦᠷ ᠪᠦᠳᠦᠮᠵᠢᠳᠤ ᠭᠡᠴᠢᠶᠡᠯᠡᠯᠭᠡ ᠶᠢᠨ ᠣᠠᠴᠠᠯᠢᠭ᠄

① ᠣᠷᠢᠳᠴᠢᠯᠠᠨ ᠳᠠᠪᠳᠠᠬᠤ ᠶᠢ ᠴᠢᠩᠭᠠᠳᠬᠠᠬᠤ ᠪᠣᠯ ᠳᠡᠷᠢᠭᠦᠨ ᠠᠯᠬᠤᠮ ᠮᠦᠨ᠃ ᠣᠷᠢᠳᠴᠢᠯᠠᠨ ᠳᠠᠪᠳᠠᠬᠤ ᠳᠤ ᠬᠠᠮᠤᠭ ᠰᠠᠢ᠌ᠨ ᠨᠢ ᠰᠤᠷᠤᠭᠴᠢᠳ ᠲᠤ ᠳᠠᠪᠳᠠᠯᠭ᠎ᠠ ᠶᠢᠨ ᠭᠦᠷᠢᠶ᠎ᠡ ᠭᠡᠪᠴᠢᠶ᠎ᠡ ᠵᠡᠷᠭᠡ ᠶᠢ ᠪᠣᠳᠤᠯᠭᠢᠯᠠᠭᠰᠠᠨ ᠳᠠᠪᠳᠠᠬᠤ ᠭᠦᠳᠦᠯᠪᠦᠷᠢ ᠬᠠᠩᠭ᠋ᠠᠵᠤ ᠥᠭ᠍ᠪᠠᠯ ᠰᠤᠷᠤᠭᠴᠢᠳ ᠰᠤᠷᠤᠯᠴᠠᠯᠭ᠎ᠠ ᠳᠠᠭᠠᠨ ᠬᠠᠷᠠᠯᠳᠠ ᠲᠡᠶ ᠪᠣᠯᠵᠤ᠂ ᠭᠢᠴᠢᠶᠡᠯ ᠣᠷᠤᠬᠤ ᠡᠴᠡ ᠡᠮᠦᠨ᠎ᠡ ᠪᠠᠳᠤ ᠪᠠᠭᠢ ᠰᠠᠭᠤᠷᠢ ᠲᠡᠶ ᠪᠣᠯᠬᠤ ᠪᠣᠯᠤᠨ᠎ᠠ᠃ ᠳ᠋ᠦ᠋ᠩ ᠯᠤ ᠳᠤᠮᠳᠠᠳᠤ ᠰᠤᠷᠭᠠᠭᠤᠯᠢ ᠨᠢ 《ᠵᠢᠭᠠᠵᠤ ᠰᠤᠷᠬᠤ ᠭᠦᠳᠦᠯᠪᠦᠷᠢ》 ᠶ᠋ᠢ ᠪᠠᠭᠰᠢ ᠰᠤᠷᠤᠭᠴᠢ ᠴᠦᠮ ᠭᠡᠷᠡᠭ᠍ᠰᠡᠳᠡᠭ᠌ ᠪᠠᠢ᠌ᠬᠤ ᠳᠤ ᠳ᠋ᠦ᠋ ᠯᠠᠩ ᠺᠧᠤ ᠳᠤᠮᠳᠠᠳᠤ ᠰᠤᠷᠭᠠᠭᠤᠯᠢ ᠪᠣᠯ ᠣᠷᠢᠳᠴᠢᠯᠠᠨ ᠰᠤᠷᠤᠯᠴᠠᠬᠤ ᠶᠢ ᠵᠢᠩᠭᠢᠨᠢ ᠭᠢᠴᠢᠶᠡᠯ ᠶᠢᠡᠷ ᠦᠵᠡᠵᠤ᠂ ᠣᠷᠢᠳᠴᠢᠯᠠᠨ ᠰᠤᠷᠤᠭᠰᠠᠨ ᠦᠭᠡᠶ ᠭᠢᠴᠢᠶᠡᠯ ᠢ ᠣᠷᠤᠬᠤ ᠶᠢ ᠳᠡᠪᠴᠢᠳᠡᠭ᠌ ᠪᠠᠢ᠌ᠳᠠᠭ᠃

② ᠳᠡᠯᠭᠡᠨ ᠥᠵᠡᠭᠦᠯᠦᠯᠭᠡ ᠭᠢᠭᠦ ᠨᠢ ᠰᠤᠷᠤᠭᠴᠢᠳ ᠤᠨ ᠪᠠᠶ᠎ᠠ ᠪᠠᠨ ᠳᠠᠭᠠᠭᠠᠨ ᠰᠤᠷᠤᠯᠴᠠᠭᠰᠠᠨ ᠪᠠᠢ᠌ᠳᠠᠯ ᠳᠤ ᠭᠢᠭ᠍ᠰᠡᠨ ᠪᠠᠭᠰᠢ ᠵᠢᠨ ᠣᠢ᠌ᠯᠭᠠᠯᠳᠠ᠂ ᠰᠤᠷᠤᠭᠴᠢᠳ ᠤᠨ ᠰᠤᠷᠤᠭᠰᠠᠨ ᠪᠠᠢ᠌ᠳᠠᠯ ᠳᠤ ᠦᠭ‍ᠭᠦᠭ᠍ᠰᠡᠨ ᠦᠨᠡᠯᠠᠯᠳᠠ ᠪᠣᠯᠬᠤ ᠪᠠᠷ ᠪᠠᠷᠠᠬᠤ ᠦᠭᠡᠶ ᠨᠠᠩ ᠴᠢᠬᠤᠯᠠ ᠨᠢ ᠠᠰᠠᠭᠤᠳᠠᠯ ᠢ ᠢᠯᠡᠷᠡᠭᠦᠯᠭᠦ ᠪᠠ ᠬᠠᠮᠳᠤᠪᠠᠷ ᠰᠤᠷᠤᠯᠴᠠᠬᠤ ᠳᠤ ᠴᠦᠮ ᠳᠤᠳᠠᠭᠳᠠᠵᠤ ᠪᠣᠯᠤᠰᠢ ᠦᠭᠡᠶ ᠶᠠᠪᠣᠴᠠ ᠮᠦᠨ᠃ ᠠᠮᠸᠷᠢᠺᠠ᠎ ᠵᠢᠨ ERCK ᠳᠤᠮᠳᠠᠳᠤ ᠰᠤᠷᠭᠠᠭᠤᠯᠢ ᠶᠢᠨ ᠰᠤᠷᠭᠠᠯ ᠥᠭᠡᠨ ᠳᠤ 《ᠨᠠᠳᠠ ᠳᠤ ᠥᠵᠡᠭᠦᠯᠪᠠᠯ ᠪᠢ ᠮᠠᠷᠳᠠᠴᠢᠨ᠎ᠠ᠃ ᠨᠠᠳᠠ ᠳᠤ ᠰᠤᠨᠤᠰᠬᠠᠪᠠᠯ ᠪᠢ ᠴᠡᠭᠡᠵᠢᠯᠡᠭ᠍ᠰᠡᠨ ᠦᠭᠡᠶ᠃ ᠨᠠᠳᠠ ᠶᠢ ᠣᠷᠤᠯᠴᠠᠭᠤᠯᠪᠠᠯ ᠪᠢ ᠮᠠᠳᠠᠴᠢᠨ᠎ᠠ᠃》 ᠭᠡᠵᠤ ᠭᠡᠯᠡᠭ᠍ᠰᠡᠨ ᠨᠢ ᠲᠤᠢ᠌ᠯ ᠤᠨ ᠳᠤᠭᠢᠷᠠᠮᠵᠢᠳᠠᠢ ᠰᠠᠨᠠᠭᠳᠠᠳᠠᠭ᠃ ᠳᠡᠯᠭᠡᠨ ᠥᠵᠡᠭᠦᠯᠦᠯᠭᠡ ᠶᠢᠨ ᠭᠡᠯᠪᠠᠷᠢ ᠳᠤ ᠶᠠᠷᠢᠬᠤ᠂ ᠵᠥᠴᠦᠭᠡᠯᠡᠭᠦ᠂ ᠰᠠᠮᠪᠠᠷᠯᠠᠬᠤ᠂ ᠪᠢᠴᠢᠭᠦ ᠵᠡᠷᠭᠡ ᠣᠯᠠᠨ ᠭᠡᠯᠪᠠᠷᠢ ᠪᠣᠢ᠃

③ ᠬᠠᠷᠢᠭᠤ ᠳᠤᠰᠬᠠᠯᠳᠠ ᠭᠢᠭᠦ ᠨᠢ ᠭᠢᠴᠢᠶᠡᠯ ᠤᠨ ᠣᠷᠭᠢᠭᠳᠠᠭᠰᠠᠨ ᠢ ᠨᠥᠭᠦᠪᠦᠷᠢᠯᠡᠵᠤ᠂ ᠰᠤᠷᠴᠤ ᠡᠵᠡᠮᠰᠢᠭ᠍ᠰᠡᠨ ᠪᠠᠢ᠌ᠳᠠᠯ ᠢ ᠦᠨᠡᠯᠠᠨ᠂ ᠭᠤᠤᠯᠳᠠᠯᠭ᠎ᠠ ᠪᠠᠨ ᠳᠤᠪᠣᠢ᠌ᠯᠭᠠᠵᠤ ᠭᠦᠴᠢᠷᠳᠡᠯᠭᠡ ᠪᠠᠨ ᠢᠯᠠᠬᠤ ᠪᠠ ᠪᠦᠭᠦ ᠭᠢᠴᠢᠶᠡᠯ ᠳᠤ ᠭᠢᠭᠦ ᠳ᠋ᠦ᠋ᠩᠨᠡᠯᠲᠡ ᠭᠢᠭᠡᠳ ᠳᠤᠩᠭ᠋ᠠᠯᠳᠠ ᠮᠦᠨ᠃ ᠭᠡᠯᠪᠠᠷᠢ ᠶᠢᠨ ᠬᠤᠪᠢ ᠳᠤ ᠵᠢᠵᠢᠭ᠌ ᠰᠢᠯᠭᠠᠯᠳᠠ ᠪᠠᠢ᠌ᠴᠠᠭᠠᠯᠳᠠ ᠭᠢᠭᠦ᠂ ᠺᠠᠰᠲ᠋ᠧ ᠵᠢᠷᠤᠭ ᠪᠣᠶᠤ ᠪᠣᠷᠤ ᠵᠢᠷᠤᠭ ᠮᠠᠲ᠋ᠸᠷᠢᠶᠠᠯ ᠵᠡᠷᠭᠡ ᠶᠢ ᠠᠰᠢᠭᠯᠠᠵᠤ ᠪᠣᠯᠤᠨ᠎ᠠ᠃

④ ᠬᠠᠪᠰᠤᠷᠤᠯᠴᠠᠨ ᠬᠤᠷᠰᠢᠵᠤ ᠰᠤᠷᠤᠯᠴᠠᠬᠤ᠄ ᠰᠤᠷᠤᠭᠴᠢ ᠰᠤᠷᠤᠭᠴᠢ ᠶᠢᠨ ᠬᠤᠭᠤᠷᠤᠠᠳᠤ ᠪᠠ ᠪᠠᠭᠰᠢ ᠰᠤᠷᠤᠭᠴᠢ ᠶᠢᠨ ᠬᠤᠭᠤᠷᠤᠠᠳᠤ ᠬᠤᠷᠰᠢᠨ ᠬᠠᠪᠰᠤᠷᠤᠯᠴᠠᠵᠤ ᠰᠤᠷᠤᠯᠴᠠᠬᠤ ᠨᠢ ᠣᠷᠢᠳᠴᠢᠯᠠᠨ ᠰᠤᠷᠤᠯᠴᠠᠭᠠᠤᠨ ᠦᠯᠠᠳᠠᠵᠤ ᠢᠷᠡᠭ᠍ᠰᠡᠨ ᠠᠰᠠᠭᠤᠯᠳᠠ᠂ ᠠᠰᠠᠭᠤᠳᠠᠯ ᠢ ᠰᠢ᠌ᠳᠪᠦᠷᠢᠯᠡᠭᠦ ᠣᠭᠢ ᠰᠠᠢ᠌ᠨ ᠠᠷᠭ᠎ᠠ ᠮᠦᠨ᠃ ᠳᠤᠭᠣᠢ᠌ᠯᠠᠩ ᠶᠢᠡᠷ ᠶᠠᠷᠢᠯᠴᠠᠬᠤ ᠨᠢ ᠨᠠᠢ᠌ᠳᠠ ᠶᠢᠨ ᠣᠢ ᠪᠢᠯᠢᠭ᠌ ᠤᠨ ᠣᠭᠢ ᠰᠤᠳᠤ ᠶᠢ ᠢᠯᠡᠷᠡᠭᠦᠯᠭᠦ ᠪᠣᠯᠤᠨ᠎ᠠ᠃

⑤ 45 ᠮᠢᠨᠤᠲ᠋ ᠤᠨ ᠭᠢᠴᠢᠶᠡᠯᠡᠯᠭᠡ ᠶᠢ ᠡᠮᠦᠨᠡᠰᠢ ᠪᠠ ᠠᠷᠤᠠᠰᠢ ᠪᠠᠨ ᠦᠷᠭᠡᠳᠭᠡᠭ᠍ᠰᠡᠨ 《ᠭᠤᠷᠪᠠᠨ ᠭᠡᠰᠡᠭ᠌᠂ ᠨᠢᠭᠡᠨ ᠴᠤᠭᠴᠠ》 ᠶ᠋ᠢᠨ ᠪᠦᠷᠢᠯᠳᠦᠯ ᠪᠣᠯ ᠭᠤᠤᠯ ᠣᠠᠴᠠᠯᠢᠭ ᠮᠦᠨ᠃ ᠭᠢᠴᠢᠶᠡᠯ ᠡᠴᠡ ᠡᠮᠦᠨ᠎ᠡ ᠪᠠᠭᠰᠢ ᠰᠤᠷᠤᠯᠴᠠᠬᠤ ᠬᠠᠷᠠᠯᠳᠠ᠂ ᠰᠤᠷᠬᠤ ᠰᠠᠳᠭᠢᠴᠠ᠂ ᠰᠤᠷᠤᠯᠴᠠᠬᠤ ᠠᠷᠭ᠎ᠠ ᠪᠠᠨ ᠪᠡᠯᠡᠳᠭᠡᠨ᠎ᠡ᠃ ᠭᠢᠴᠢᠶᠡᠯ ᠳᠡᠭᠡᠷ᠎ᠡ ᠪᠠᠭᠰᠢ ᠬᠤᠶᠠᠷ ᠥᠵᠦᠭᠦᠷ ᠢ ᠠᠳᠬᠤᠵᠤ᠂ ᠳᠤᠮᠳᠠ ᠶᠢ ᠠᠭᠢᠭᠤᠯᠤᠨ ᠵᠤᠬᠢᠶᠠᠨ ᠪᠠᠢ᠌ᠭᠤᠯᠤᠭᠴᠢ ᠶᠢᠨ ᠡᠭᠦᠷᠭᠡ ᠪᠠᠨ ᠪᠠᠶᠡᠯᠡᠭᠦᠯᠦᠨ᠎ᠡ᠃ ᠭᠢᠴᠢᠶᠡᠯ ᠤᠨ ᠳᠠᠷᠠᠭ᠎ᠠ ᠪᠣᠯ ᠪᠠᠢ᠌ᠴᠠᠭᠠᠭᠴᠢ ᠪᠠ ᠨᠥᠭᠦᠪᠦᠷᠢᠯᠡᠭ᠍ᠴᠢ ᠮᠦᠨ᠃

ᠳᠠᠪᠣ᠄ ᠦᠨᠳᠦᠷ ᠪᠦᠳᠦᠮᠵᠢᠳᠤ ᠭᠡᠴᠢᠶᠡᠯᠡᠯᠭᠡ ᠶᠢᠨ ᠭᠡᠪ ᠵᠠᠭᠪᠣᠷ ᠢ ᠲᠦᠰᠤᠪᠯᠠᠨ ᠭᠢᠭᠦ ᠭᠤᠤᠯ ᠰᠡᠳᠭᠢᠭᠦᠢ᠄ (ᠭᠡᠪ ᠵᠠᠭᠪᠣᠷ ᠤᠨ ᠳᠠᠪᠤᠨ ᠶᠠᠪᠣᠴᠠ ᠪᠠ ᠭᠤᠷᠪᠠᠨ ᠪᠠᠢ᠌ᠴᠠᠭᠠᠯᠳᠠ ᠶᠢᠨ ᠭᠡᠯᠪᠠᠷᠢ)

① ᠰᠤᠷᠤᠭᠴᠢ ᠰᠤᠷᠬᠤ ᠭᠦᠳᠦᠯᠦᠮᠵᠢ ᠪᠠᠨ ᠪᠠᠶ᠎ᠠ ᠪᠠᠨ ᠳᠠᠭᠠᠭᠠᠨ ᠰᠤᠷᠤᠯᠴᠠᠵᠤ᠂ 50 ᠶ᠋ᠢᠨ ᠠᠰᠠᠭᠤᠳᠠᠯ ᠢ ᠦᠪᠡᠷ ᠶᠢᠡᠨ ᠰᠢ᠌ᠳᠪᠦᠷᠢᠯᠡᠭ᠍ᠰᠡᠨ ᠰᠠᠭᠤᠷᠢᠨ ᠳᠡᠭᠡᠷ᠎ᠡ ᠭᠦᠴᠢᠷᠳᠡᠯ ᠶᠢᠡᠨ ᠢᠯᠡᠷᠡᠭᠦᠯᠤᠨ ᠪᠠᠭᠰᠢ ᠡᠴᠡ ᠰᠤᠷᠤᠭᠴᠢ ᠶᠢᠨ ᠥᠪᠠᠷᠳᠡᠭᠡᠨ ᠰᠤᠷᠴᠤ ᠪᠠᠢ᠌ᠬᠤ ᠪᠠᠢ᠌ᠳᠠᠯ ᠳᠤ ᠵᠠᠳᠠᠯᠤᠯᠳᠠ ᠪᠠᠢ᠌ᠴᠠᠭᠠᠯᠳᠠ ᠭᠢᠨ᠎ᠠ᠃

② ᠭᠦᠴᠢᠷᠳᠡᠯ ᠳᠤ ᠵᠤᠭᠢᠴᠠᠭᠤᠯᠤᠨ ᠬᠠᠪᠰᠤᠷᠤᠯᠴᠠᠨ ᠰᠤᠷᠤᠯᠴᠠᠬᠤ

③ ᠪᠠᠭ᠎ᠠ ᠳᠤᠭᠣᠢ᠌ᠯᠠᠠᠩ ᠶᠢᠡᠷ ᠨᠢᠭᠡᠴᠢ ᠪᠣᠯᠭᠠᠨ ᠰᠤᠷᠤᠭᠰᠠᠨ ᠪᠦᠳᠦᠭᠡᠯ ᠶᠢᠡᠨ ᠳᠡᠯᠭᠡᠨ ᠥᠵᠡᠭᠦᠯᠭᠦ

③ ᠪᠠᠭᠰᠢ ᠬᠤᠶᠠᠳᠤᠭᠠᠷ ᠣᠳᠠᠭ᠎ᠠ ᠰᠤᠷᠤᠭᠴᠢᠳ ᠤᠨ ᠳᠡᠯᠭᠡᠨ ᠥᠵᠡᠭᠦᠯᠦᠯᠭᠡ ᠳᠤ ᠣᠷᠤᠰᠢᠵᠤ ᠪᠠᠢ᠌ᠭ᠎ᠠ ᠠᠰᠠᠭᠤᠳᠠᠯ ᠤᠨ ᠳᠤᠭᠤᠷᠢᠨ ᠳᠤ ᠵᠠᠳᠠᠯᠤᠯᠳᠠ ᠪᠠᠢ᠌ᠴᠠᠭᠠᠯᠳᠠ ᠭᠢᠭᠦ

④ ᠪᠠᠭᠰᠢ ᠰᠤᠷᠤᠭᠴᠢᠳ ᠤᠨ ᠵᠢᠵᠢᠭ᠌ ᠳᠡᠯᠭᠡᠨ ᠥᠵᠡᠭᠦᠯᠦᠯᠭᠡ ᠶᠢᠨ ᠳᠤᠮᠳᠠ ᠢᠯᠠᠷᠠᠨ ᠭᠠᠷᠤᠭᠰᠠᠨ ᠨᠡᠢ᠌ᠳᠡᠯᠢᠭ᠌ ᠠᠰᠠᠭᠤᠳᠠᠯ ᠳᠤ ᠴᠢᠭᠯᠡᠭᠦᠯᠤᠨ ᠪᠦᠭᠦ ᠠᠩᠭᠢ ᠶᠢᠨ ᠴᠢᠨᠠᠷᠳᠠᠢ ᠳᠡᠯᠭᠡᠨ ᠥᠵᠡᠭᠦᠯᠦᠯᠭᠡ ᠶᠢ ᠭᠢᠭᠦ

⑤ ᠰᠤᠷᠤᠭᠴᠢ ᠣᠷᠤᠨ ᠳᠠᠭᠠᠨ ᠪᠣᠴᠠᠵᠤ᠂ ᠪᠠᠭᠰᠢ ᠡᠴᠡ ᠰᠤᠷᠬᠤ ᠵᠢᠯᠤᠭᠤᠳᠤᠮᠵᠢ ᠶᠢ ᠪᠠᠶᠡᠯᠡᠭᠦᠯᠦᠭ᠍ᠰᠡᠨ ᠪᠠᠢ᠌ᠳᠠᠯ ᠳᠤ ᠭᠤᠷᠪᠠᠳᠤᠭᠠᠷ ᠣᠳᠠᠭ᠎ᠠ ᠵᠠᠳᠠᠯᠤᠯᠳᠠ ᠪᠠᠢ᠌ᠴᠠᠭᠠᠯᠳᠠ ᠪᠠ ᠰᠢᠯᠭᠠᠨ ᠦᠨᠡᠯᠠᠯᠳᠠ ᠶᠢ ᠭᠢᠨ᠎ᠠ᠃

ᠵᠢᠷᠭᠤᠭ᠎ᠠ᠄ ᠦᠨᠳᠦᠷ ᠪᠦᠳᠦᠮᠵᠢᠳᠤ ᠭᠢᠴᠢᠶᠡᠯᠡᠯᠭᠡ ᠶᠢ ᠵᠤᠬᠢᠶᠠᠨ ᠪᠠᠢ᠌ᠭᠤᠯᠬᠤ ᠭᠤᠤᠯ ᠭᠡᠯᠪᠠᠷᠢ (ᠭᠡᠯᠡᠨ ᠤ ᠭᠢᠴᠢᠶᠡᠯ) ᠄

ᠨᠢᠭᠡ)᠄ ᠣᠷᠢᠳᠴᠢᠯᠠᠨ ᠳᠠᠪᠳᠠᠬᠤ ᠭᠢᠴᠢᠶᠡᠯᠡᠯᠭᠡ ᠶᠢᠨ ᠵᠢᠯᠤᠭᠤᠳᠤᠮᠵᠢ᠄

① ᠣᠷᠢᠳᠴᠢᠯᠠᠨ ᠳᠠᠪᠳᠠᠬᠤ ᠬᠠᠷᠠᠯᠳᠠ᠄ ᠣᠢ᠌ᠯᠠᠭᠠᠨ ᠡᠵᠡᠮᠰᠢᠭᠦ ᠭᠡᠮᠵᠢᠶ᠎ᠡ᠂ ᠭᠦᠮᠦᠵᠢᠯ ᠭᠦᠷᠳᠡᠭ᠍ᠰᠡᠨ ᠭᠡᠮᠵᠢᠶ᠎ᠡ᠂ ᠭᠡᠷᠡᠭᠯᠡᠨ ᠡᠵᠮᠰᠢᠭᠦ ᠴᠢᠳᠠᠪᠣᠷᠢ ᠵᠡᠷᠭᠡ ᠳᠠᠯ᠎ᠠ ᠪᠠᠷ ᠱᠠᠭᠠᠷᠳᠠᠯᠭ᠎ᠠ ᠳᠠᠯᠪᠢᠨ᠎ᠠ᠃

② ᠣᠷᠢᠳᠴᠢᠯᠠᠨ ᠳᠠᠪᠳᠠᠬᠤ ᠶᠠᠪᠣᠴᠠ᠄ ᠣᠷᠢᠳᠠᠪᠠᠷ ᠣᠩᠰᠢᠯᠭ᠎ᠠ ᠭᠢᠭᠦ ᠪᠣᠯ ᠬᠠᠮᠤᠭ ᠴᠢᠬᠤᠯᠠ ᠶᠠᠪᠣᠴᠠ ᠮᠦᠨ᠃ ᠭᠡᠯᠡ ᠪᠢᠴᠢᠭ᠌ ᠤᠨ ᠭᠢᠴᠢᠶᠡᠯ ᠶᠢᠡᠷ ᠦᠵᠡᠪᠠᠯ ᠭᠢᠴᠢᠶᠡᠯ ᠶᠢᠡᠨ ᠬᠤᠶᠠᠷ ᠡᠴᠡ ᠭᠤᠷᠪᠠ ᠣᠳᠠᠭ᠎ᠠ ᠰᠢᠰᠲ᠋ᠸᠮ ᠲᠡᠶ ᠣᠩᠰᠢᠵᠤ᠂ ᠭᠦᠴᠢᠷ ᠥᠭᠡ᠂ ᠭᠤᠶᠤ ᠳᠠᠭᠠᠯᠠᠮᠵᠢᠳᠠᠢ ᠥᠭᠡ ᠥᠭᠦᠯᠡᠪᠦᠷᠢ ᠶᠢ ᠣᠯᠵᠤ ᠵᠢᠷᠤᠬᠤ᠃ ᠦᠷᠭᠦᠯᠵᠢᠯᠡᠨ ᠣᠩᠰᠢᠵᠤ᠂ ᠵᠤᠬᠢᠶᠠᠯ ᠤᠨ ᠪᠢᠴᠢᠭ᠍ᠳᠡᠭ᠍ᠰᠡᠨ ᠠᠬᠤᠢ ᠪᠠᠢ᠌ᠳᠠᠯ ᠢ ᠵᠠᠳᠤᠯᠤᠨ ᠦᠪᠡᠷ ᠤᠨ ᠣᠢ᠌ᠯᠠᠭᠠᠯᠳᠠ ᠪᠠᠨ ᠰᠠᠮᠪᠠᠷᠯᠠᠨ ᠪᠢᠴᠢᠭᠦ ᠵᠡᠷᠭᠡ ᠱᠠᠭᠠᠷᠳᠠᠯᠭ᠎ᠠ ᠳᠠᠯᠪᠢᠨ᠎ᠠ᠃ ᠳᠠᠷᠠᠭ᠎ᠠ ᠨᠢ ᠰᠤᠷᠤᠭᠴᠢᠳ ᠠᠩᠬ᠎ᠠ ᠠᠯᠬᠤᠮ ᠤᠨ ᠭᠢᠴᠢᠶᠡᠯ ᠤᠨ ᠵᠠᠳᠤᠯᠤᠯᠳᠠ ᠭᠢᠵᠤ ᠰᠤᠷᠤᠭᠴᠢ ᠪᠦᠷᠢ ᠦᠪᠡᠷ ᠤᠨ ᠭᠡᠰᠡᠨ ᠥᠵᠡᠭᠦᠯᠦᠯᠭᠡ ᠶᠢᠨ ᠡᠭᠢ ᠰᠤᠷᠪᠣᠯᠵᠢ ᠶᠢ ᠪᠦᠷᠢᠳᠡᠭᠦᠯᠦᠨ᠎ᠡ᠃ ᠡᠴᠦᠰ ᠲᠤ ᠴᠢᠯᠦᠭᠡᠳᠡᠢ ᠶᠠᠷᠢᠯᠴᠠᠨ ᠰᠤᠯᠢᠯᠴᠠᠭ᠎ᠠ ᠭᠢᠵᠤ᠂ ᠳᠤᠭᠣᠢ᠌ᠯᠠᠩ ᠶᠢᠡᠷ ᠣᠯᠠᠨ ᠠᠭᠤᠯᠭ᠎ᠠ ᠭᠡᠯᠪᠠᠷᠢ ᠶᠢᠨ ᠵᠢᠵᠢᠭ᠌ ᠰᠠᠮᠪᠠᠷ᠎ᠠ ᠪᠣᠶᠤ ᠣᠯᠠᠨ ᠵᠠᠭᠤᠴᠠᠳᠤ ᠶᠢᠨ ᠭᠡᠪ ᠪᠢᠴᠢᠮᠠᠯ ᠢ ᠭᠠᠷᠭᠠᠨ᠎ᠠ᠃

③ ᠣᠷᠢᠳᠴᠢᠯᠠᠨ ᠳᠠᠪᠳᠠᠭᠰᠠᠨ ᠢ ᠪᠠᠢ᠌ᠴᠠᠭᠠᠬᠤ᠄ ᠣᠷᠢᠳᠴᠢᠯᠠᠨ ᠳᠠᠪᠳᠠᠬᠤ ᠶᠢ ᠪᠠᠢ᠌ᠴᠠᠭᠠᠬᠤ ᠨᠢ ᠭᠡᠷᠡᠭ᠌ ᠳᠡᠭᠡᠷ᠎ᠡ ᠪᠠᠨ ᠥᠵᠡᠭᠦᠯᠦᠯᠭᠡ ᠶᠢᠨ ᠭᠢᠴᠢᠶᠡᠯ ᠢ ᠪᠡᠯᠡᠳᠭᠡᠵᠤ ᠪᠠᠢ᠌ᠭ᠎ᠠ ᠶᠠᠪᠣᠳᠠᠯ ᠮᠦᠨ᠃

(ᠬᠤᠶᠠᠷ)᠄ ᠥᠵᠡᠭᠦᠯᠦᠯᠭᠡ ᠶᠢᠨ ᠭᠢᠴᠢᠶᠡᠯ ᠤᠨ ᠵᠢᠯᠤᠭᠤᠳᠤᠮᠵᠢ᠄

① ᠪᠠᠭᠰᠢ ᠡᠴᠡ ᠰᠢᠨ᠎ᠠ ᠭᠡᠴᠢᠶᠡᠯ ᠳᠤ ᠭᠦᠳᠦᠯᠤᠨ ᠰᠢᠯᠵᠢᠭᠦ᠃

② ᠥᠵᠡᠭᠦᠯᠦᠯᠭᠡ ᠶᠢᠨ ᠳᠦᠷᠦᠭ᠍ᠳᠡᠯ ᠶᠢᠡᠨ ᠶᠠᠷᠢᠬᠤ᠄ ᠬᠤᠪᠢ ᠭᠦᠮᠤᠨ ᠊᠊᠊᠊᠊᠊᠊᠊᠊᠊᠊᠊᠊᠊᠊ ᠳᠤᠭᠣᠢ᠌ᠯᠠᠩ ᠊᠊᠊᠊᠊᠊᠊᠊᠊᠊᠊᠊᠊᠊᠊ ᠠᠩᠭᠢ ᠪᠠᠷ ᠪᠠᠷᠢᠶᠠᠮᠵᠢᠯᠠᠨ ᠪᠦᠭᠦ ᠰᠤᠷᠤᠭᠴᠢᠳ ᠲᠤ ᠬᠠᠠᠳᠤᠬᠤ ᠶᠢ ᠪᠠᠷᠢᠮᠳᠠᠯᠠᠨ᠎ᠠ᠃

③ ᠣᠬᠤᠷ ᠵᠤᠬᠢᠶᠠᠯ ᠪᠣᠶᠤ ᠳ᠋ᠦ᠋ᠩᠨᠡᠯᠲᠡ ᠪᠢᠴᠢᠵᠤ ᠪᠠᠳᠤᠳᠬᠠᠨ᠎ᠠ᠃

④ ᠰᠤᠯᠢᠯᠴᠠᠭ᠎ᠠ ᠭᠢᠵᠤ ᠳᠡᠯᠭᠡᠨ ᠥᠵᠡᠭᠦᠯᠭᠦ ᠄ ᠣᠩᠰᠢᠯᠭ᠎ᠠ᠂ ᠵᠠᠳᠤᠯᠤᠯᠳᠠ᠂ ᠮᠦᠷᠳᠠᠯᠳᠠ᠂ ᠵᠥᠴᠦᠭᠡ ᠣᠶᠠᠩᠭ᠋ᠠᠯᠠᠯ ᠵᠡᠷᠭᠡ ᠣᠯᠠᠨ ᠠᠷᠭ᠎ᠠ ᠪᠠᠷᠢᠯ ᠢ ᠠᠪᠴᠤ ᠪᠣᠯᠤᠨ᠎ᠠ᠃

⑤ ᠭᠢᠴᠢᠶᠡᠯ ᠰᠡᠭᠦᠯ ᠤᠨ ᠳᠠᠯᠢᠯᠳᠠ ᠭᠢᠨ᠎ᠠ᠃ ᠵᠢᠱᠢᠶᠠᠯᠠᠪᠠᠯ ᠣᠬᠤᠷ ᠵᠤᠬᠢᠶᠠᠯ ᠪᠢᠴᠢᠭᠦ ᠮᠠᠳᠤ᠃

(ᠭᠤᠷᠪᠠ) ᠬᠠᠷᠢᠭᠤ ᠳᠤᠰᠬᠠᠯᠳᠠ ᠶᠢᠨ ᠭᠢᠴᠢᠶᠡᠯ ᠤᠨ ᠵᠢᠯᠤᠭᠤᠳᠤᠮᠵᠢ᠄

① ᠠᠰᠠᠭᠤᠳᠠᠯ ᠢ ᠢᠯᠡᠷᠡᠭᠦᠯᠭᠦ᠃

② ᠥᠵᠡᠭᠦᠯᠦᠯᠭᠡ ᠪᠠᠨ ᠳᠦᠷᠢᠮᠵᠢᠭᠦᠨ ᠪᠣᠯᠭᠠᠬᠤ᠃

③ ᠪᠠᠢ᠌ᠴᠠᠭᠠᠨ ᠪᠠᠳᠤᠳᠬᠠᠬᠤ᠃

④ ᠳ᠋ᠦ᠋ᠩᠨᠡᠯᠲᠡ ᠭᠢᠨ᠎ᠠ᠃

ᠳᠤᠯᠤᠭ᠎ᠠ᠄ ᠦᠨᠳᠦᠷ ᠪᠦᠳᠦᠮᠵᠢᠳᠤ ᠭᠢᠴᠢᠶᠡᠯᠯᠡᠭᠡ ᠪᠠᠷ ᠭᠢᠴᠢᠶᠡᠯᠯᠡᠭᠦ ᠠᠰᠢᠭᠳᠤ ᠳᠠᠯ᠎ᠠ

① ᠭᠡᠪ ᠴᠢᠨᠠᠷᠳᠤ ᠰᠤᠷᠭᠠᠨ ᠭᠦᠮᠦᠵᠢᠯ ᠪᠠ ᠰᠢᠯᠭᠠᠯᠳᠠ ᠶᠢ ᠠᠷᠭᠠᠴᠠᠬᠤ ᠰᠤᠷᠭᠠᠨ ᠭᠦᠮᠦᠵᠢᠯ ᠤᠨ ᠵᠦᠷᠢᠴᠠᠯ ᠢ ᠰᠢ᠌ᠤᠠᠪᠣᠷᠢᠯᠠᠪᠠ᠃

② ᠪᠠᠭᠰᠢ ᠭᠦᠭ᠍ᠵᠢᠭᠦ ᠪᠠ ᠰᠤᠷᠤᠭᠴᠢ ᠭᠦᠭ᠍ᠵᠢᠭᠦ ᠶᠢᠨ ᠵᠦᠷᠢᠴᠠᠯ ᠢ ᠰᠢ᠌ᠤᠠᠪᠣᠷᠢᠯᠠᠪᠠ᠃

③ ᠭᠡᠰᠡᠭ᠌ ᠰᠤᠷᠤᠭᠴᠢ ᠭᠦᠭ᠍ᠵᠢᠭᠦ ᠪᠠ ᠪᠦᠭᠦ ᠰᠤᠷᠤᠭᠴᠢ ᠭᠦᠭ᠍ᠵᠢᠭᠦ ᠶᠢᠨ ᠵᠦᠷᠢᠴᠠᠯ ᠢ ᠰᠢ᠌ᠤᠠᠪᠣᠷᠢᠯᠠᠪᠠ᠃

④ ᠰᠤᠷᠤᠭᠴᠢ ᠶᠢᠨ ᠦᠪᠡᠷᠮᠢᠴᠠ ᠭᠦᠭ᠍ᠵᠢᠯᠳᠡ ᠪᠠ ᠪᠦᠭᠦ ᠳᠠᠯ᠎ᠠ ᠶᠢᠨ ᠭᠦᠭ᠍ᠵᠢᠯᠳᠡ ᠶᠢᠨ ᠵᠦᠷᠢᠴᠠᠯ ᠢ ᠰᠢ᠌ᠤᠠᠪᠣᠷᠢᠯᠠᠪᠠ᠃

⑤ ᠭᠢᠴᠢᠶᠡᠯ ᠢ ᠰᠤᠷᠤᠭᠴᠢᠳ ᠲᠤ ᠪᠣᠴᠠᠭᠠᠨ ᠦᠭ‍ᠭᠦᠭᠡᠳ ᠪᠠᠭᠰᠢ ᠪᠠᠶᠠᠷᠳᠠᠢ ᠵᠢᠭᠠᠵᠤ᠂ ᠰᠤᠷᠤᠭᠴᠢ ᠳᠤᠷᠠᠳᠠᠢ ᠰᠤᠷᠤᠯᠴᠠᠬᠤ ᠶᠠᠪᠣᠳᠠᠯ ᠢ ᠦᠨᠳᠦᠰᠦᠨ ᠡᠴᠡ ᠨᠢ ᠰᠢ᠌ᠤᠠᠪᠣᠷᠢᠯᠠᠪᠠ᠃

ᠨᠢ᠋ᠮᠠ᠄ ᠦᠨᠳᠦᠷ ᠪᠦᠳᠦᠮᠵᠢᠳᠤ ᠭᠡᠴᠢᠶᠡᠯᠡᠯᠭᠡ ᠶᠢ ᠠᠰᠢᠭᠯᠠᠨ ᠭᠡᠷᠡᠭ᠍ᠰᠡᠭᠡᠳ ᠣᠯᠤᠭᠰᠠᠨ ᠨᠡᠢ᠌ᠳᠡᠯᠢᠭ᠌ ᠵᠢᠱᠢᠶ᠎ᠠ᠄

ᠱᠡᠡᠲᠦ᠋ᠩ ᠮᠤᠵᠢ ᠶᠢᠨ ᠳ᠋ᠦ᠋ ᠯᠠᠩ ᠺᠧᠤ ᠰᠢᠶᠠᠨ ᠤ ᠳᠤᠮᠳᠠᠳᠤ ᠰᠤᠷᠭᠠᠭᠤᠯᠢ ᠪᠣᠯ ᠬᠤᠯᠠ ᠤᠢ᠌ᠷ᠎ᠡ ᠳᠤ ᠠᠯᠳᠠᠷᠰᠢᠭᠰᠠᠨ ᠦᠨᠳᠦᠷ ᠪᠦᠳᠦᠮᠵᠢᠳᠤ ᠭᠢᠴᠢᠶᠡᠯᠯᠡᠭᠡ ᠶᠢᠨ ᠡᠭᠢ ᠰᠤᠷᠪᠣᠯᠵᠢ ᠶᠢ ᠭᠡᠷᠡᠭ᠍ᠰᠡᠭᠡᠳ ᠠᠮᠵᠢᠯᠳᠠ ᠣᠯᠤᠭᠰᠠᠨ ᠳᠤᠮᠳᠠᠳᠤ ᠰᠤᠷᠭᠠᠭᠤᠯᠢ ᠪᠣᠯᠤᠨ᠎ᠠ᠃ ᠠᠷᠪᠠ ᠣᠷᠴᠢᠮ ᠵᠢᠯ ᠤᠨ ᠬᠠᠳᠠᠭᠤᠵᠢᠯᠳᠠᠢ ᠳᠤᠷᠰᠢᠯᠳᠠ ᠪᠠᠷ ᠳᠠᠮᠵᠢᠭᠠᠤᠨ ᠵᠢᠭᠠᠨ ᠰᠤᠷᠭᠠᠯᠳᠠ ᠶᠢᠨ 《ᠭᠡᠳᠤ ᠳᠡᠯᠭᠡᠭᠦᠷ》 ᠭᠡᠯᠪᠠᠷᠢᠳᠤ ᠵᠢᠭᠠᠨ ᠰᠤᠷᠭᠠᠯᠳᠠ ᠶᠢᠨ ᠵᠠᠭᠪᠣᠷ ᠨᠢ ᠭᠦᠳᠡᠭᠡ ᠳᠤᠰᠬᠤᠨ ᠤ ᠰᠤᠷᠭᠠᠨ ᠭᠦᠮᠦᠵᠢᠯ ᠤᠨ ᠥᠭᠡᠷᠴᠢᠯᠡᠯᠳᠡ ᠶᠢᠨ ᠰᠢᠨ᠎ᠠ ᠭᠠᠷᠬᠤ ᠠᠷᠭ᠎ᠠ ᠵᠠᠮ ᠪᠣᠯᠤᠭᠰᠠᠨ ᠤ ᠬᠤᠪᠢ ᠪᠠᠷ ᠣᠯᠤᠰ ᠤᠨ ᠳᠤᠳᠤᠭᠠᠳᠤ ᠶᠢᠨ ᠣᠯᠠᠨ ᠰᠤᠷᠭᠠᠭᠤᠯᠢ ᠶᠢᠨ ᠰᠤᠷᠤᠯᠴᠠᠬᠤ ᠥᠯᠢᠭᠡᠷ ᠵᠢᠱᠢᠶ᠎ᠠ ᠪᠣᠯᠤᠭᠰᠠᠨ ᠳᠠᠳᠤᠢ ᠦᠭᠡᠶ ᠣᠴᠢᠵᠤ ᠥᠵᠡᠭ᠍ᠰᠡᠨ ᠭᠦᠮᠤᠨ ᠪᠦᠭᠦᠳᠡ ᠶᠢᠨ ᠮᠠᠭᠳᠠᠭᠠᠯ ᠭᠠᠢ᠌ᠬᠠᠯ ᠢ ᠣᠯᠵᠤ᠂ ᠡᠷᠳᠡᠮᠳᠡᠳ ᠲᠤ ᠭᠦᠳᠡᠭᠡ ᠳᠤᠰᠬᠤᠨ ᠤ ᠰᠤᠷᠭᠠᠨ ᠭᠦᠮᠦᠵᠢᠯ ᠤᠨ ᠬᠤᠪᠢᠰᠬᠠᠯ ᠤᠨ ᠦᠷᠨᠢᠯᠳᠠ ᠶᠢ ᠪᠣᠢ ᠪᠣᠯᠭᠠᠪᠠ ᠭᠡᠵᠤ ᠥᠨᠡᠯᠡᠭ᠍ᠳᠡᠭ᠍ᠰᠡᠨ ᠪᠠᠢ᠌ᠨ᠎ᠠ᠃

ᠶ‍ᠢᠰᠤ᠄ ᠳ᠋ᠦ᠋ ᠯᠠᠩ ᠺᠧᠤ ᠶᠢᠨ 《3-3-6》 ᠭᠡᠯᠪᠠᠷᠢ ᠶᠢᠨ ᠥᠪᠠᠷᠳᠡᠭᠡᠨ ᠡᠵᠡᠮᠳᠡᠨ ᠰᠤᠷᠤᠯᠴᠠᠬᠤ ᠭᠡᠪ ᠵᠠᠭᠪᠣᠷ ᠄

① ᠪᠠᠶ᠎ᠠ ᠪᠠᠨ ᠳᠠᠭᠠᠭᠠᠨ ᠰᠤᠷᠤᠯᠴᠠᠬᠤ ᠭᠤᠷᠪᠠᠨ ᠣᠠᠴᠠᠯᠢᠭ ᠪᠣᠯ ᠣᠯᠠᠨ ᠳᠠᠯ᠎ᠠ ᠶᠢᠨ ᠭᠡᠯᠪᠠᠷᠢ ᠲᠡᠶ (立体式)᠂ ᠶᠡᠭᠡ ᠪᠠᠭᠳᠠᠭᠠᠮᠵᠢ ᠲᠡᠶ (大容量)᠂ ᠬᠤᠷᠳᠤᠨ ᠴᠤᠭᠢᠯᠭ᠎ᠠ (快节奏) ᠲᠡᠶ ᠪᠠᠢ᠌ᠬᠤ ᠶᠢ ᠭᠡᠯᠡᠨ᠎ᠡ᠃

② ᠥᠪᠠᠷᠳᠡᠭᠡᠨ ᠡᠵᠡᠮᠳᠡᠨ ᠰᠤᠷᠤᠯᠴᠠᠬᠤ ᠭᠤᠷᠪᠠᠨ ᠵᠠᠭᠪᠣᠷ ᠪᠣᠯ ᠣᠷᠢᠳᠴᠢᠯᠠᠨ ᠳᠠᠪᠳᠠᠬᠤ(预习)᠂ ᠳᠡᠯᠭᠡᠨ ᠥᠵᠡᠭᠦᠯᠭᠦ (展示)᠂ ᠬᠠᠷᠢᠭᠤ ᠳᠤᠰᠬᠠᠬᠤ (反馈) ᠪᠣᠯᠤᠨ᠎ᠠ᠃

③ᠭᠢᠴᠢᠶᠡᠯ ᠳᠡᠭᠡᠷ᠎ᠡ ᠳᠡᠯᠭᠡᠨ ᠥᠵᠡᠭᠦᠯᠭᠦ ᠵᠢᠷᠭᠤᠭᠠᠨ ᠭᠤᠭᠴᠠᠭ᠎ᠠ ᠪᠣᠯ᠄ ᠣᠷᠢᠳᠴᠢᠯᠠᠨ ᠳᠠᠪᠳᠠᠭᠰᠠᠨ ᠶᠢᠡᠨ ᠰᠤᠯᠢᠯᠴᠠᠭ᠎ᠠ ᠭᠢᠭᠦ (预习交流)᠂ ᠬᠠᠷᠠᠯᠳᠠ ᠪᠠᠨ ᠳᠤᠭᠳᠠᠭᠠᠬᠤ (明确目标)᠂ ᠳᠤᠭᠣᠢ᠌ᠯᠠᠩ ᠶᠢᠡᠷ ᠬᠠᠪᠰᠤᠷᠤᠯᠴᠠᠬᠤ (分组合作) ᠳᠡᠭᠡᠭ᠍ᠰᠢᠯᠡᠯᠳᠡ ᠪᠠᠨ ᠳᠡᠯᠭᠡᠨ ᠢᠯᠡᠳᠭᠡᠭᠦ (展现提升)᠂ ᠬᠠᠪᠴᠢᠨ ᠰᠢᠷᠭᠤᠵᠤ ᠪᠠᠳᠤᠳᠬᠠᠬᠤ (穿插巩固)᠂ ᠪᠠᠢ᠌ᠴᠠᠭᠠᠯᠳᠠ ᠪᠠᠷ ᠳᠠᠮᠵᠢᠵᠤ ᠬᠠᠷᠠᠯᠳᠠ ᠲᠠᠭᠠᠨ ᠭᠦᠷᠭᠦ (达标测评) ᠮᠠᠳᠤ ᠵᠢᠷᠭᠤᠭᠠᠨ ᠵᠣᠢ᠌ᠯ ᠪᠣᠢ᠃

ᠳ᠋ᠦ᠋ ᠯᠠᠩ ᠺᠧᠤ ᠶᠢᠨ 《3-3-6》 ᠭᠡᠯᠪᠠᠷᠢ ᠶᠢᠨ ᠥᠪᠠᠷᠳᠡᠭᠡᠨ ᠡᠵᠡᠮᠳᠡᠨ ᠰᠤᠷᠤᠯᠴᠠᠬᠤ ᠵᠢᠭᠠᠨ ᠰᠤᠷᠭᠠᠯᠳᠠ ᠶᠢᠨ ᠵᠠᠭᠪᠣᠷ ᠨᠢ ᠣᠷᠢᠳᠴᠢᠯᠠᠨ ᠳᠠᠪᠳᠠᠬᠤ ᠊᠊᠊᠊᠊᠊᠊᠊᠊᠊᠊᠊᠊᠊᠊ ᠊᠊᠊᠊᠊᠊᠊᠊᠊᠊᠊᠊᠊᠊᠊ ᠳᠡᠯᠭᠡᠨ ᠥᠵᠡᠭᠦᠯᠭᠦ ᠊᠊᠊᠊᠊᠊᠊᠊᠊᠊᠊᠊᠊᠊᠊ ᠊᠊᠊᠊᠊᠊᠊᠊᠊᠊᠊᠊᠊᠊᠊ ᠬᠠᠷᠢᠭᠤ ᠳᠤᠰᠬᠠᠬᠤ ᠦᠨᠳᠦᠰᠦᠨ ᠭᠡᠯᠪᠠᠷᠢ ᠶᠢ ᠠᠪᠴᠤ ᠪᠠᠭᠰᠢ ᠭᠢᠴᠢᠶᠡᠯ ᠳᠡᠭᠡᠷ᠎ᠡ ᠵᠥᠪᠭᠡᠨ ᠡᠳᠦᠢ ᠳᠠᠳᠤᠢ 《ᠰᠠᠳᠤᠯᠳᠠ》 ᠭᠢᠵᠤ᠂ ᠳᠦᠴᠢᠨ ᠳᠠᠪᠤᠨ ᠮᠢᠨᠤᠲ᠋ ᠤᠨ ᠭᠢᠴᠢᠶᠡᠯ ᠳᠡᠭᠡᠷ᠎ᠡ ᠪᠠᠭᠰᠢ ᠶᠢᠨ ᠶᠠᠷᠢᠶ᠎ᠠ ᠠᠷᠪᠠᠨ ᠮᠢᠨᠤᠲ᠋ ᠡᠴᠡ ᠳᠠᠪᠠᠬᠤ ᠦᠭᠡᠶ ᠪᠠᠢ᠌ᠬᠤ ᠶᠢ ᠱᠠᠭᠠᠷᠳᠠᠳᠠᠭ ᠳᠤᠯᠠᠳᠠ ᠪᠠᠰᠠ 《1035》 ᠪᠣᠶᠤ 《045》 ᠭᠡᠵᠤ ᠨᠡᠷᠡᠯᠡᠳᠡᠭ᠌᠃ ᠳ᠋ᠦ᠋ ᠯᠠᠩ ᠺᠧᠤ ᠶᠢᠨ ᠵᠢᠭᠠᠨ ᠰᠤᠷᠭᠠᠯᠳᠠ ᠨᠢ ᠰᠤᠷᠤᠭᠴᠢ ᠶᠢᠨ ᠪᠠᠶ᠎ᠠ ᠪᠠᠨ ᠳᠠᠭᠠᠭᠠᠨ ᠰᠤᠷᠤᠯᠴᠠᠬᠤ ᠠᠷᠭ᠎ᠠ ᠵᠠᠮ ᠢ ᠨᠡᠭᠡᠭᠡᠵᠤ᠂ ᠭᠢᠴᠢᠶᠡᠯ ᠤᠨ ᠳᠢᠩᠭᠢᠮ ᠢ ᠰᠤᠷᠤᠭᠴᠢᠳ ᠲᠤ ᠪᠣᠴᠠᠭᠠᠨ ᠦᠭ‍ᠭᠦᠭᠡᠳ᠂ ᠣᠷᠢᠤᠴᠢᠯᠠᠨ ᠳᠠᠪᠳᠠᠬᠤ᠂ ᠳᠡᠯᠭᠡᠨ ᠥᠵᠡᠭᠦᠯᠭᠦ᠂ ᠬᠠᠷᠢᠭᠤ ᠳᠤᠰᠬᠠᠬᠤ ᠭᠤᠷᠪᠠᠨ ᠭᠡᠰᠡᠭ᠌ ᠨᠢ ᠳᠤᠰᠪᠣᠷᠢ ᠳᠡᠭᠡᠨ ᠣᠠᠴᠠᠯᠢᠭ ᠲᠡᠶ ᠪᠠᠢ᠌ᠵᠤ ᠰᠤᠷᠤᠭᠴᠢ ᠭᠦᠳᠡᠯᠭᠡᠭᠡᠨ ᠭᠢᠭᠦ ᠪᠣᠯ ᠬᠠᠮᠤᠭ ᠭᠤᠤᠯ ᠳᠠᠯ᠎ᠠ ᠨᠢ ᠮᠦᠨ᠃ ᠪᠠᠭᠰᠢ ᠶᠢᠨ ᠳᠠᠪᠴᠠᠩ ᠳᠡᠭᠡᠷ᠎ᠡ ᠪᠠᠭᠰᠢ ᠪᠢᠰᠢ ᠬᠠᠷᠢᠨ ᠰᠤᠷᠤᠭᠴᠢ ᠲᠡᠶ᠂ ᠰᠠᠮᠪᠠᠷᠯᠠᠯ ᠭᠢᠳᠡᠭ᠌ ᠨᠢ ᠮᠦᠨᠴᠤ ᠰᠤᠷᠤᠭᠴᠢ ᠪᠠᠢ᠌ᠵᠤ᠂ ᠰᠤᠷᠤᠭᠴᠢᠳ ᠤᠨ ᠶᠠᠷᠢᠶ᠎ᠠ ᠵᠤᠷᠢᠭᠳᠠᠢ᠂ ᠢᠳᠡᠭᠡᠯ ᠲᠡᠶ᠂ ᠠᠩᠬᠠᠷᠤᠯᠳᠠᠢ ᠪᠠᠢ᠌ᠵᠤ᠂ ᠪᠦᠷᠢᠮᠦᠰᠤᠨ ᠨᠡᠭᠡᠭᠡᠯᠳᠡ ᠶᠢᠨ ᠴᠢᠨᠠᠷᠳᠠᠢ ᠭᠡᠴᠢᠶᠡᠯᠡᠯᠭᠡ ᠶᠢᠨ ᠭᠡᠯᠪᠠᠷᠢ ᠨᠢ ᠪᠠᠭᠰᠢ ᠰᠤᠷᠤᠭᠴᠢᠳ ᠲᠤ ᠦᠨᠳᠦᠷ ᠪᠦᠳᠦᠮᠵᠢᠳᠤ ᠭᠢᠴᠢᠶᠡᠯᠡᠯᠭᠡ ᠶᠢᠨ ᠡᠭᠢ ᠰᠤᠷᠪᠣᠯᠵᠢ ᠶᠢ ᠬᠠᠩᠭ᠋ᠠᠨ ᠥᠭ᠍ᠴᠡᠢ᠃

ᠠᠷᠪᠠ᠄ ᠦᠨᠳᠦᠷ ᠪᠦᠳᠦᠮᠵᠢᠳᠤ ᠭᠢᠴᠢᠶᠡᠯᠡᠯᠭᠡ ᠶᠢ ᠮᠤᠩᠭ᠋ᠤᠯ ᠰᠤᠷᠭᠠᠭᠤᠯᠢ ᠳᠤ ᠭᠡᠷᠡᠭ᠍ᠰᠡᠭᠦ ᠶᠢᠨ ᠳᠤᠯᠭᠠᠮ᠎ᠠ ᠱᠠᠭᠠᠷᠳᠠᠯᠭ᠎ᠠ᠄

① ᠮᠤᠩᠭ᠋ᠤᠯ ᠰᠤᠷᠭᠠᠭᠤᠯᠢ ᠨᠤᠭᠤᠳ ᠨᠠᠢ᠌ᠳᠠᠮ ᠤᠨ ᠴᠢᠨᠠᠷᠳᠠᠢ ᠰᠤᠷᠤᠭᠴᠢ ᠴᠥᠭᠡᠷᠡᠭᠦ᠂ ᠨᠥᠭᠦᠴᠡᠯ ᠮᠠᠭᠤᠳᠠᠬᠤ᠂ ᠪᠠᠭᠰᠢ ᠵᠢᠭᠠᠬᠤ ᠳᠤᠷ᠎ᠠ ᠦᠭᠡᠶ ᠪᠣᠯᠤᠭᠰᠠᠨ ᠪᠠ ᠰᠤᠷᠤᠭᠴᠢ ᠰᠤᠷᠬᠤ ᠳᠤᠷ᠎ᠠ ᠦᠭᠡᠶ ᠪᠣᠯᠤᠭᠰᠠᠨ ᠪᠠᠢ᠌ᠳᠠᠯ ᠭᠦᠡᠳᠤ ᠨᠤᠴᠢᠳᠠᠢ ᠢᠯᠠᠷᠠᠵᠤ ᠰᠤᠷᠭᠠᠨ ᠭᠦᠮᠦᠵᠢᠯ ᠤᠨ ᠳᠤᠷᠤᠢ ᠪᠠᠭᠤᠷᠠᠢ ᠭᠤᠭᠴᠠᠭ᠎ᠠ ᠪᠣᠯᠵᠠᠢ᠃ ᠭᠡᠷᠪᠡ ᠥᠭᠡᠷᠴᠢᠯᠡᠯᠳᠡ ᠭᠢᠭᠦ ᠦᠭᠡᠶ ᠪᠣᠯ ᠳᠠᠷᠤᠢ ᠠᠮᠢᠵᠢᠷᠠᠯ ᠤᠨ ᠭᠦᠴᠤᠨ ᠦᠭᠡᠶ ᠪᠣᠯᠬᠤ ᠪᠣᠯᠤᠨ᠎ᠠ᠃

② ᠥᠢᠯᠡᠳᠦᠯᠭᠡ ᠭᠡᠷᠡᠴᠢᠯᠡᠭ᠍ᠰᠡᠨ ᠨᠢ ᠭᠦᠳᠡᠭᠡ ᠳᠤᠰᠬᠤᠨ ᠤ ᠰᠤᠷᠭᠠᠨ ᠭᠦᠮᠦᠵᠢᠯ ᠪᠠ ᠬᠤᠴᠤᠷᠤᠩᠭ᠋ᠤᠢ ᠰᠤᠷᠭᠠᠨ ᠭᠦᠮᠦᠵᠢᠯ ᠶᠢᠡᠷ ᠢᠯᠡᠷᠡᠭ᠍ᠰᠡᠨ ᠣᠯᠠᠩᠭᠢ ᠰᠤᠷᠭᠠᠭᠤᠯᠢ ᠨᠤᠭᠤᠳ ᠴᠦᠮ ᠥᠭᠡᠷᠴᠢᠯᠡᠯᠳᠡ ᠪᠠᠷ ᠳᠠᠮᠵᠢᠭᠠᠤᠨ ᠦᠪᠡᠷ ᠤᠨ ᠭᠡᠰᠡᠨ ᠭᠠᠷᠬᠤ ᠵᠠᠮ ᠶᠢᠡᠨ ᠣᠯᠵᠤ ᠳᠡᠢ᠌ᠯᠦᠭ᠍ᠰᠡᠨ ᠪᠦᠭᠡᠳ ᠰᠢᠯᠭᠠᠯᠳᠠ ᠶᠢᠨ ᠨᠤᠷᠮ᠎ᠠ ᠭᠢᠷᠢ ᠲᠦᠪᠰᠢᠨ ᠶᠢᠡᠨ ᠴᠦᠮ ᠣᠷᠢᠳ ᠭᠠᠷᠤᠭ᠎ᠠ ᠦᠭᠡᠶ ᠳᠡᠭᠡᠭ᠍ᠰᠢᠯᠡᠭᠦᠯᠵᠤ ᠳᠠᠢ᠌ᠯᠵᠠᠢ᠃

③ ᠮᠤᠩᠭ᠋ᠤᠯ ᠬᠡᠦᠬᠡᠳ ᠮᠠᠨ ᠤ ᠦᠨᠳᠦᠰᠦᠳᠠᠨ ᠤ ᠢᠷᠡᠭᠡᠳᠦᠢ ᠪᠣᠯᠤᠭᠰᠠᠨ ᠤ ᠬᠤᠪᠢ ᠳᠤ ᠣᠢ ᠪᠢᠯᠢᠭ᠌᠂ ᠣᠬᠠᠭᠠᠨ ᠰᠠᠷᠠᠯ ᠶᠢᠡᠷ ᠥᠭᠡᠷ᠎ᠡ ᠪᠣᠰᠤᠳ ᠲᠡᠶ ᠳᠤᠳᠠᠬᠤ ᠦᠭᠡᠶ ᠪᠣᠯᠪᠠᠴᠤ ᠭᠡᠷᠪᠡ ᠭᠦᠷᠦᠰᠤ ᠰᠢᠷᠤᠢ᠂ ᠬᠤᠷ᠎ᠠ ᠣᠰᠤ ᠶᠢ ᠳᠡᠩᠴᠡᠭᠦᠯᠭᠦ ᠦᠭᠡᠶ ᠪᠣᠯ ᠮᠤᠩᠳᠠᠵᠤ ᠮᠤᠬᠤᠷᠳᠠᠬᠤ ᠠᠶᠤᠯ ᠲᠡᠶ ᠪᠣᠯᠬᠤᠷ ᠵᠠᠪᠠᠯ ᠣᠯᠤᠰ ᠤᠨ ᠪᠣᠶᠤ ᠳᠡᠯᠡᠭᠡᠢ ᠶᠢᠨ ᠬᠠᠮᠤᠭ ᠳᠡᠷᠢᠭᠦᠨ ᠤ ᠰᠤᠷᠭᠠᠨ ᠭᠦᠮᠦᠵᠢᠯ ᠤᠨ ᠠᠷᠭ᠎ᠠ ᠪᠠᠷ ᠣᠴᠢᠵᠤ ᠣᠭᠢᠶᠠᠨ ᠠᠷᠠᠴᠢᠯᠠᠬᠤ ᠪᠣᠯ ᠮᠠᠨ ᠤ ᠪᠠᠭᠰᠢ ᠨᠡᠷ ᠤᠨ ᠳᠠᠷᠬᠠᠨ ᠡᠭᠦᠷᠭᠡ ᠮᠦᠨ᠃

④ ᠦᠨᠳᠦᠷ ᠪᠦᠳᠦᠮᠵᠢᠳᠤ ᠭᠢᠴᠢᠶᠡᠯᠡᠯᠭᠡ ᠶᠢᠨ ᠳᠤᠷᠰᠢᠯᠳᠠ ᠪᠣᠯ ᠮᠠᠨ ᠤ ᠣᠯᠤᠰ ᠤᠨ ᠰᠤᠷᠭᠠᠨ ᠭᠦᠮᠦᠵᠢᠯ ᠤᠨ ᠣᠠᠴᠠᠯᠢᠭ ᠲᠤ ᠳᠤᠭᠢᠷᠠᠭᠰᠠᠨ ᠪᠠᠭᠰᠢ ᠰᠤᠷᠤᠭᠴᠢ ᠶᠢᠨ ᠢᠳᠠᠪᠭᠢᠵᠢᠯ ᠢ ᠴᠦᠮ ᠳᠠᠢ᠌ᠴᠢᠯᠠᠵᠤ ᠳᠡᠢ᠌ᠯᠭᠦ ᠬᠠᠮᠤᠭ ᠰᠢᠨ᠎ᠠ᠂ ᠬᠠᠮᠤᠭ ᠰᠠᠢ᠌ᠨ ᠦᠷ᠎ᠡ ᠪᠦᠳᠦᠮᠵᠢ ᠣᠯᠵᠤ ᠳᠠᠢ᠌ᠯᠵᠤ ᠪᠠᠢ᠌ᠭ᠎ᠠ ᠰᠤᠷᠭᠠᠨ ᠭᠦᠮᠦᠵᠢᠯ ᠤᠨ ᠡᠭᠢ ᠰᠤᠷᠪᠣᠯᠵᠢ ᠪᠠᠢ᠌ᠭ᠎ᠠ ᠰᠠᠨ᠃

⑤ ᠳᠤᠰ ᠳᠤᠷᠰᠢᠯᠳᠠ ᠶᠢᠨ ᠵᠠᠭᠪᠣᠷ ᠢ ᠣᠯᠠᠨ ᠵᠣᠢ᠌ᠯ ᠤᠨ ᠶᠠᠩᠵᠤ ᠭᠡᠯᠪᠠᠷᠢ ᠪᠠᠷ ᠭᠢᠵᠤ ᠪᠣᠯᠬᠤ ᠪᠦᠭᠡᠳ ᠮᠠᠨ ᠤ ᠦᠨᠳᠦᠰᠦᠳᠠᠨ ᠤ ᠰᠤᠷᠭᠠᠭᠤᠯᠢ ᠶᠢᠨ ᠦᠪᠡᠷ ᠤᠨ ᠪᠠᠢ᠌ᠳᠠᠯ ᠲᠡᠶ ᠪᠠᠨ ᠣᠶᠠᠯᠳᠠᠭᠤᠯᠤᠨ᠂ ᠠᠳᠠᠯᠢ ᠪᠣᠰᠤ ᠭᠢᠴᠢᠶᠡᠯ ᠳᠦᠷᠤᠯ ᠤᠨ ᠣᠠᠴᠠᠯᠢᠭ ᠲᠡᠶ ᠵᠤᠭᠢᠴᠠᠭᠤᠯᠵᠤ᠂ ᠰᠤᠷᠬᠤ ᠳᠤ ᠵᠢᠯᠤᠭᠤᠳᠬᠤ ᠭᠦᠳᠦᠯᠦᠮᠵᠢ ᠪᠠᠷ ᠪᠠᠷᠢᠶᠠᠮᠵᠢᠯᠠᠨ ᠭᠢᠭᠦ ᠳᠤ ᠭᠦᠷᠪᠠᠯ ᠣᠷᠤᠰᠢᠵᠤ ᠪᠠᠢ᠌ᠭ᠎ᠠ ᠮᠤᠩᠭ᠋ᠤᠯ ᠬᠡᠦᠬᠡᠳ ᠤᠨ ᠰᠤᠷᠬᠤ ᠶᠢ ᠵᠢᠭ᠍ᠰᠢᠭᠦ ᠳᠠᠳᠬᠠᠯ ᠢ ᠦᠨᠳᠦᠰᠦᠨ ᠡᠴᠡ ᠨᠢ ᠠᠷᠢᠯᠭᠠᠵᠤ ᠴᠢᠳᠠᠬᠤ ᠪᠦᠭᠡᠳ ᠵᠠᠷᠢᠮ ᠠᠯᠵᠠᠭᠤ ᠵᠠᠯᠬᠠᠭᠤ ᠪᠠᠭᠰᠢ ᠶᠢᠨ ᠰᠤᠷᠳᠠᠯ ᠢ ᠵᠠᠯᠬᠠᠭᠠᠨ ᠵᠠᠰᠠᠵᠤ ᠴᠢᠳᠠᠨ᠎ᠠ᠃


2013 ᠣᠨ ᠤ ᠬᠠᠪᠣᠷ ᠡᠡᠯᠳᠡᠡᠰᠢᠷᠡᠭᠡᠳᠤ ᠳᠤᠷ ᠪᠢᠴᠢᠪᠠᠢ᠃


ᠵᠤᠬᠢᠶᠠᠭᠴᠢ ᠶᠢᠨ ᠬᠠ‍‌ᠶᠢᠭ ᠄ ᠡᠵᠡᠨ ᠬᠤᠷᠤᠭ᠎ᠠ ᠬᠤᠰᠢᠭᠤᠨ ᠤ ᠵᠢᠭᠠᠬᠤ ᠶᠢ ᠰᠤᠳᠤᠯᠬᠤ ᠭᠠᠵᠠᠷ

ᠵᠤᠬᠢᠶᠠᠭᠴᠢ᠄ ᠨᠠᠶᠠᠠᠳᠠᠯᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 12662
ᠴᠠᠭ᠄ 2013 ᠤᠨ ᠤ 04 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ