ᠨᠡᠪᠲᠡᠷᠡᠨ ᠤᠷᠤᠬᠤ
ᠢᠳᠠᠷ ᠨᠠᠰᠤᠨ ᠤ ᠭᠦᠮᠦᠰ ᠤᠨ ᠰᠠᠳᠭᠢᠴᠠ ᠥᠳᠡᠯᠭᠦ ᠶᠢ ᠰᠡᠷᠭᠡᠢ᠌ᠯᠡᠭᠦ ᠠᠷᠭ᠎ᠠ ᠠᠪᠴᠠᠯ

     ᠢᠳᠠᠷ ᠨᠠᠰᠤᠨ ᠤ ᠭᠦᠮᠦᠰ ᠤᠨ ᠰᠠᠳᠭᠢᠴᠠ ᠥᠳᠡᠯᠭᠦ ᠨᠢ ᠰᠠᠳᠭᠢᠴᠠ ᠲᠡᠩᠴᠡᠬᠦᠷᠢ ᠪᠠᠨ ᠠᠯᠳᠠᠭᠰᠠᠨ ᠤ ᠢᠯᠠᠷᠠᠯ ᠪᠠᠢ᠌ᠵᠤ᠂ ᠭᠦᠮᠤᠨ ᠤ ᠠᠪᠢᠶᠠᠰ ᠪᠢᠯᠢᠭ᠌ ᠢ ᠪᠣᠯᠠᠰᠢᠯᠠᠨ᠂ ᠡᠭᠦᠳᠤᠨ ᠪᠦᠳᠦᠭᠡᠭᠦ ᠴᠢᠳᠠᠪᠣᠷᠢ ᠵᠢᠴᠢ ᠳᠠᠯᠳᠠ ᠭᠦᠴᠤᠨ ᠶᠢᠡᠨ ᠪᠠᠳᠠᠷᠠᠭᠤᠯᠬᠤ ᠶᠢᠨ ᠰᠠᠭᠠᠤᠨ ᠬᠠᠷᠰᠢ ᠪᠣᠯᠳᠠᠭ᠃ ᠨᠠᠩ ᠴᠢᠨᠠᠭᠰᠢᠯᠠᠨ ᠪᠠᠶ᠎ᠠ ᠰᠡᠳᠭᠢᠯ ᠤᠨ ᠡᠪᠡᠳᠴᠢᠨ ᠭᠡᠮ ᠢ ᠡᠭᠦᠰᠭᠡᠵᠤ ᠮᠡᠳᠡᠭᠦ ᠳᠤᠯᠠ ᠵᠤᠭᠢᠰᠳᠠᠢ ᠠᠷᠭ᠎ᠠ ᠠᠪᠴᠠᠯ ᠠᠪᠴᠤ ᠰᠡᠷᠭᠡᠢ᠌ᠯᠡᠭᠦ ᠭᠡᠷᠡᠭ᠍ᠳᠡᠢ᠃

     ᠡᠩ ᠳᠡᠷᠢᠭᠦᠨ ᠳᠤ᠂ ᠰᠡᠳᠭᠢᠯ ᠰᠠᠨᠠᠭ᠎ᠠ ᠪᠠᠨ ᠪᠠᠶᠠᠷ ᠭᠦᠷ ᠲᠡᠶ ᠪᠠᠢ᠌ᠯᠭᠠᠵᠤ᠂ ᠦᠪᠡᠷ ᠤᠨ ᠪᠣᠳᠤᠯ ᠰᠠᠨᠠᠭ᠎ᠠ ᠪᠠᠨ ᠥᠪᠠᠷᠳᠡᠭᠡᠨ ᠳᠤᠭᠢᠷᠠᠭᠤᠯᠤᠨ᠎ᠠ᠃   ᠲ᠋ᠠᠪᠠ ᠦᠭᠡᠶ ᠣᠴᠢᠷ ᠲᠤᠬᠢᠶᠠᠯᠳᠤᠭᠰᠠᠨ ᠴᠤ ᠯᠠᠪᠳᠠᠭᠤᠨ ᠰᠢ᠌ᠤᠠᠪᠣᠷᠢᠯᠠᠵᠤ᠂ ᠦᠪᠡᠷ ᠢ ᠪᠠᠨ ᠪᠠᠶᠠᠷ ᠪᠠᠶᠠᠰᠤᠯ ᠲᠡᠶ ᠪᠠᠢ᠌ᠯᠭᠠᠬᠤ ᠭᠡᠷᠡᠭ᠍ᠳᠡᠢ᠃   

     ᠬᠤᠶᠠᠳᠤᠭᠠᠷ ᠲᠤ᠂ ᠳᠠᠮᠢᠷ ᠶᠢᠡᠨ ᠳᠡᠵᠢᠭᠡᠭᠦ ᠶᠢ ᠴᠢᠬᠤᠯᠠᠴᠢᠯᠠᠨ᠂ ᠪᠠᠶ᠎ᠠ ᠮᠠᠬᠠᠪᠣᠤᠨ ᠶᠢᠡᠨ ᠦᠷᠭᠦᠯᠵᠢ ᠪᠣᠯᠪᠠᠰᠤᠷᠠᠭᠤᠯᠤᠨ᠎ᠠ᠃ ᠢᠳᠠᠷ ᠨᠠᠰᠤᠨ ᠤ ᠭᠦᠮᠦᠰ ᠤᠨ ᠰᠠᠳᠭᠢᠴᠠ ᠥᠳᠡᠯᠭᠦ ᠶᠢ ᠣᠳᠠᠭᠠᠰᠢᠷᠠᠭᠤᠯᠬᠤ ᠳᠤ᠂ ᠪᠠᠶ᠎ᠠ ᠪᠠᠨ ᠪᠣᠯᠪᠠᠰᠤᠷᠠᠭᠤᠯᠬᠤ ᠶᠢ ᠪᠠᠷᠢᠮᠳᠠᠯᠠᠬᠤ ᠪᠣᠯ ᠴᠢᠬᠤᠯᠠ ᠨᠢᠭᠡᠨ ᠠᠷᠭ᠎ᠠ ᠵᠠᠮ ᠮᠦᠨ᠃

     ᠭᠤᠷᠪᠠᠳᠤᠭᠠᠷ ᠲᠤ᠂ ᠳᠠᠷᠢᠭᠢ ᠪᠠᠨ ᠢᠯᠡᠭᠦᠤ ᠭᠦᠳᠡᠯᠭᠡᠵᠤ᠂ ᠵᠠᠯᠠᠭᠤ ᠶᠢᠨ ᠴᠤᠭ ᠵᠢᠪᠬᠤᠭ᠎ᠠ ᠪᠠᠨ ᠦᠷᠭᠦᠯᠵᠢ ᠬᠠᠳᠠᠭᠠᠯᠠᠨ᠎ᠠ᠃ ᠭᠡᠷᠪᠡ ᠶᠡᠭᠡ ᠳᠠᠷᠢᠭᠢ ᠦᠳᠡᠯᠪᠠᠯ ᠭᠦᠮᠤᠨ ᠤ ᠹᠢᠽᠢᠤᠯᠤᠭᠢ ᠶᠢᠨ ᠠᠵᠢᠯᠯᠠᠭ᠎ᠠ ᠪᠦᠷ ᠳᠠᠭᠠᠯᠳᠤᠨ ᠥᠳᠡᠯᠳᠡᠭ᠌᠃ ᠡᠳᠡᠭᠡᠷ ᠢ ᠳᠠᠭᠠᠯᠳᠤᠨ ᠭᠦᠮᠤᠨ ᠤ ᠰᠠᠳᠭᠢᠴᠠ ᠪᠠᠰᠠ ᠥᠳᠡᠯᠳᠡᠭ᠌ ᠪᠠᠢ᠌ᠨ᠎ᠠ᠃

     ᠳᠦᠷᠪᠠᠳᠦᠭᠡᠷ ᠲᠤ᠂ ᠦᠷᠭᠦᠯᠵᠢ ᠰᠤᠷᠤᠯᠴᠠᠨ ᠳᠠᠮᠢᠷ ᠤᠨ ᠭᠦᠳᠡᠯᠭᠡᠭᠡᠨ ᠳᠤ ᠢᠯᠡᠭᠦᠭᠡᠨ ᠣᠷᠤᠯᠴᠠᠵᠤ᠂ ᠵᠠᠯᠠᠭᠤ ᠨᠠᠰᠤᠨ ᠤ ᠴᠤᠭ ᠵᠤᠯᠢ ᠪᠠᠨ ᠬᠠᠳᠠᠭᠠᠯᠠᠨ᠎ᠠ᠃ ᠡᠨᠠ ᠨᠢ ᠪᠣᠭᠢᠨᠢᠳᠤᠯ ᠢ ᠠᠷᠢᠯᠭᠠᠵᠤ᠂ ᠳᠠᠷᠢᠭᠢ ᠴᠡᠭᠡᠵᠢ ᠶᠢ ᠦᠷᠭᠦᠯᠵᠢ ᠰᠡᠷᠭᠡᠭ᠌ ᠪᠠᠢ᠌ᠯᠭᠠᠳᠠᠭ᠃

     ᠳᠠᠪᠣᠳᠤᠭᠠᠷ ᠲᠤ᠂ ᠠᠮᠢᠳᠤᠷᠠᠯ ᠶᠢᠡᠨ ᠳᠦᠷᠢᠮᠵᠢᠯ ᠲᠡᠶ ᠪᠠᠢ᠌ᠯᠭᠠᠵᠤ᠂ ᠠᠵᠢᠯᠯᠠᠵᠤ ᠠᠮᠠᠷᠠᠬᠤ ᠪᠠᠨ ᠳᠤᠭᠢᠷᠠᠭᠤᠯᠤᠨ᠎ᠠ᠃   ᠭᠦᠮᠤᠨ ᠤ ᠠᠮᠢᠳᠤᠷᠠᠯ ᠨᠢ ᠭᠡᠳᠦᠢ ᠳᠦᠷᠢᠮᠵᠢᠯ ᠲᠡᠶ ᠪᠣᠯᠬᠤ ᠳᠤᠳᠤᠮ ᠶᠢᠡᠨ ᠶᠡᠭᠡ ᠳᠠᠷᠢᠭᠢᠨ ᠤ ᠭᠦᠳᠡᠯᠭᠡᠭᠡᠨ ᠨᠢ ᠳᠠᠳᠤᠢ ᠳᠦᠷᠢᠮᠵᠢᠯ ᠲᠡᠶ ᠪᠣᠯᠬᠤ ᠶᠢᠨ ᠣᠯᠠᠮ ᠡᠴᠡ ᠰᠠᠳᠭᠢᠴᠠ ᠶᠢᠨ ᠡᠷᠡᠭᠦᠯ ᠮᠠᠠᠳᠤ ᠶᠢ ᠠᠭᠢᠭᠤᠯᠳᠠᠭ ᠪᠠᠢ᠌ᠨ᠎ᠠ᠃

     ᠡᠭᠦᠨ ᠡᠴᠡ ᠭᠠᠳᠠᠨ᠎ᠠ᠂ ᠢᠳᠠᠷ ᠨᠠᠰᠤᠨ ᠤ ᠭᠦᠮᠦᠰ ᠠᠷᠢᠭᠢᠨ ᠳᠤ ᠰᠤᠭᠳᠤᠬᠤ᠂ ᠳᠠᠮᠠᠭᠢ ᠳᠠᠳᠠᠬᠤ ᠶᠢ ᠴᠡᠭᠡᠷᠯᠡᠭᠦ ᠶᠢᠨ ᠳᠠᠭᠠᠤ ᠪᠠᠰᠠ ᠨᠢᠭᠡᠮᠦᠰᠤᠨ ᠠᠮᠠᠷᠠᠬᠤ ᠶᠢ ᠪᠠᠰᠠ ᠴᠡᠭᠡᠷᠯᠡᠭᠦ ᠭᠡᠷᠡᠭ᠍ᠳᠡᠢ᠃


ᠵᠤᠬᠢᠶᠠᠭᠴᠢ ᠶᠢᠨ ᠬᠠ‍‌ᠶᠢᠭ ᠄ ᠠᠯᠠᠱᠠ ᠷᠠᠳᠢᠤ᠋ ᠬᠤᠷᠢᠶ᠎ᠠ

ᠵᠤᠬᠢᠶᠠᠭᠴᠢ᠄ ᠸᠠᠩᠴᠢᠨ ᠰᠠᠴᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠡᠷᠡᠭᠦᠯ ᠡᠩᠬᠡ
ᠳᠠᠷᠤᠮ᠄ 16263
ᠴᠠᠭ᠄ 2011 ᠤᠨ ᠤ 10 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ