☆ ᠳᠤᠷ᠎ᠠ
ᠴᠢᠮ᠎ᠠ ᠶᠢ ᠪᠣᠳᠤᠬᠤ ᠪᠠᠷ
ᠴᠢᠮ᠎ᠠ ᠶᠢ ᠪᠣᠳᠤᠬᠤ ᠪᠦᠷᠢ ᠪᠢ ᠦᠪᠡᠷ ᠢ ᠪᠠᠨ ᠰᠢᠭᠦᠵᠤ ᠡᠭᠢᠯᠡᠨ᠎ᠡ᠃ ᠳᠡᠭᠡᠭᠦ ᠳᠤ ᠶᠢᠷᠳᠢᠠᠴᠤ ᠶᠢ ᠭᠡᠷᠡᠯᠳᠦᠭᠦᠯᠭᠦ ᠨᠠᠷᠠᠨ ᠳᠤᠭᠣᠢ᠌ᠬᠠᠨ ᠢᠨᠢᠶᠠᠨ᠎ᠡ᠂ ᠬᠠᠷᠠᠩᠭ᠋ᠤᠢ ᠶᠢ ᠠᠷᠢᠯᠭᠠᠭᠴᠢ ᠰᠠᠷᠠᠨ ᠰᠡᠮᠭᠡᠨ ᠮᠦᠰᠢᠶᠠᠨᠡ᠂ ᠰᠢᠷᠤ ᠰᠤᠪᠣᠤᠨ ᠰᠢᠭ ᠭᠢᠯᠠᠯᠵᠠᠨ ᠭᠢᠯᠠᠯᠵᠠᠬᠤ ᠳᠦᠭ᠌ ᠲᠦᠮᠡᠨ ᠣᠳᠤᠳ ᠠᠨᠢᠪᠠᠯᠵᠠᠨ ᠠᠨᠢᠪᠠᠯᠵᠠᠨᠠ᠃ ᠭᠠᠭᠴᠠᠬᠦ ᠠᠯᠤᠰ ᠣᠭᠳᠠᠷᠭᠤᠢ ᠳᠤ ᠭᠦᠪᠪᠦᠨ ᠨᠡᠭᠦᠳᠡᠯᠯᠡᠭᠦ ᠴᠠᠭᠠᠨ ᠡᠭᠦᠯᠡᠰ 《ᠦᠨᠡᠠᠴᠢ ᠬᠠᠢ᠌ᠷ᠎ᠠ ᠥᠭ᠍ᠭᠢᠶᠡᠮᠦᠷ ᠰᠡᠳᠭᠢᠯ ᠴᠢᠨᠢ ᠦᠨᠡᠨ ᠯᠠ ᠶᠤᠮ ᠪᠣᠯ ᠣᠬᠠᠭᠠᠨ ᠪᠣᠳᠤᠯ ᠳᠤ ᠪᠠᠨ ᠳᠠ ᠳᠡᠭᠦᠨ ᠶᠢᠡᠨ ᠡᠷᠭᠢᠴᠡᠭᠦᠯᠭᠦ ᠨᠢ ᠪᠣᠷᠤᠭᠤ ᠦᠭᠡᠶ》 ᠭᠡᠴᠢᠭᠡᠭᠡᠳ ᠮᠦᠷᠦᠭᠡᠳᠦᠯ ᠢ ᠳᠠᠯᠠᠯᠤᠨ ᠬᠤᠯᠠᠳᠠᠨ᠎ᠠ᠃
ᠴᠢ ᠮᠢᠨᠢ ᠪᠣᠳᠤᠯ ᠤᠨ ᠵᠠᠢ ᠳᠤ ᠥᠡᠳᠦᠰᠦᠯᠡᠭ᠍ᠰᠡᠨ ᠳᠠᠷᠠ ᠮᠦᠴᠡ ᠡᠴᠡ ᠪᠢ ᠴᠢᠮ᠎ᠠ ᠶᠢ ᠪᠠᠶ᠎ᠠ ᠲᠡᠶ ᠪᠠᠨ ᠳᠠᠩ ᠰᠠᠴᠠᠭᠤ ᠪᠣᠳᠤᠬᠤ ᠪᠣᠯᠤᠭᠰᠠᠨ ᠮᠠᠨᠢ ᠦᠨᠡᠨ᠃ ᠴᠢᠨᠤ ᠳᠡᠷᠡᠭᠦ ᠴᠡᠪᠠᠷᠭᠡᠨ ᠳᠦᠷᠢ ᠶᠠᠭ ᠯᠠ ᠭᠡᠷᠡᠯᠳᠤ ᠨᠠᠷᠠᠨ ᠤ ᠲᠦᠮᠡ ᠪᠣᠮᠠᠨ ᠰᠠᠴᠤᠷᠠᠭ ᠰᠢᠭ ᠪᠠᠶ᠎ᠠ ᠰᠡᠳᠭᠢᠯ ᠢ ᠮᠢᠨᠢ ᠠᠶᠠᠳᠠᠢ᠌ᠬᠠᠨ ᠳᠤᠯᠠᠭᠠᠴᠠᠭᠤᠯᠵᠤ ᠠᠳᠬᠤᠷᠠᠨ ᠪᠠᠵᠠᠯᠠᠭᠰᠠᠨ ᠪᠦᠭᠡᠮᠨᠡᠷᠡᠯ ᠢ ᠳᠡᠭ᠍ᠰᠢᠷᠡᠭᠦᠯᠤᠨ ᠵᠥᠭ᠍ᠰᠢᠷᠡᠭᠦᠯᠵᠤ ᠭᠦᠮᠤᠨ ᠤ ᠠᠮᠢᠳᠤᠷᠠᠯ ᠤᠨ ᠬᠠᠩᠬᠤᠯᠤᠭᠤᠨ ᠦᠨᠦᠷ ᠢ ᠨᠠᠭᠠᠰᠢᠯᠠᠭᠤᠯᠤᠨᠠ᠃ ᠨᠠᠳᠠ ᠳᠤ ᠴᠢᠮ᠎ᠠ ᠰᠢᠭ ᠭᠦᠮᠤᠨ ᠥᠭᠡᠷ᠎ᠡ ᠣᠯᠳᠠᠭ᠎ᠠ ᠦᠭᠡᠶ᠂ ᠪᠢ ᠴᠤ ᠥᠭᠡᠷ᠎ᠡ ᠶᠢ ᠭᠦᠰᠡᠭᠡ ᠦᠭᠡᠶ᠃ ᠭᠠᠭᠴᠠ ᠴᠢ ᠮᠢᠨᠢ ᠳᠡᠷᠭᠡᠳᠡ ᠪᠠᠢ᠌ᠭᠰᠠᠨ ᠴᠠᠭ ᠮᠢᠨᠤ ᠳᠡᠯᠡᠭᠡᠢ ᠨᠠᠷᠠ ᠬᠤᠷ᠎ᠠ ᠳᠡᠭ᠍ᠰᠢ ᠪᠠᠢ᠌ᠵᠤ ᠮᠢᠨᠤ ᠰᠡᠳᠭᠢᠯ ᠵᠣᠢ᠌ᠷᠯᠠᠮᠠ ᠦᠭᠡᠶ ᠳᠡᠷᠡᠭᠦ ᠵᠢᠷᠭᠠᠯ ᠶᠢᠡᠷ ᠳᠦᠭᠦᠷᠡᠩ ᠪᠠᠢ᠌ᠳᠠᠭ᠃ ᠳᠠᠢ᠌ᠮᠤ ᠳᠤ ᠪᠠᠨ ᠪᠢ ᠴᠢᠮ᠎ᠠ ᠪᠠᠨ ᠵᠢᠷᠦᠭᠡ ᠰᠡᠳᠭᠢᠯ ᠳᠤ ᠪᠠᠨ ᠡᠭᠦᠷᠢᠳᠡ ᠡᠭᠡᠨᠡᠭ᠍ᠰᠢᠭᠦᠯᠵᠤ ᠶᠠᠪᠣᠨ᠎ᠠ᠃
ᠭᠦᠮᠤᠨ ᠳᠤ ᠣᠶᠤᠨ ᠰᠠᠨᠠᠭᠠᠨ ᠤ ᠬᠤᠭᠤᠰᠤᠳᠠᠯ ᠡᠴᠡ ᠢᠯᠡᠭᠦᠤ ᠭᠠᠴᠢᠭᠳᠠᠯ ᠶᠠᠭᠤ ᠪᠠᠢ᠌ᠬᠤ ᠪᠢᠯᠠ ᠳ᠋ᠠ︖ ᠣᠶᠤᠨ ᠰᠠᠨᠠᠭ᠎ᠠ ᠪᠠᠷ ᠬᠤᠭᠤᠰᠤᠨ ᠭᠦᠮᠤᠨ ᠤ ᠶᠢᠷᠳᠢᠠᠴᠤ ᠨᠠᠷᠠ ᠲᠡᠶ ᠪᠠᠢ᠌ᠭᠰᠠᠨ ᠴᠤ ᠭᠦᠢᠳᠡᠨ ᠰᠠᠷ᠎ᠠ ᠲᠡᠶ ᠪᠠᠢ᠌ᠭᠰᠠᠨ ᠴᠤ ᠬᠠᠷᠠᠩᠭ᠋ᠤᠢ᠃ ᠴᠢ ᠮᠢᠨᠢ ᠴᠤ ᠨᠠᠮ᠎ᠠ ᠶᠢ ᠪᠠᠨ ᠰᠠᠨᠠᠬᠤ ᠰᠢᠭ ᠶᠢᠡᠨ ᠰᠠᠨᠠᠵᠤ ᠪᠠᠢ᠌ᠭᠠᠷᠠᠢ᠂ ᠰᠠᠨᠠᠯ ᠪᠣᠳᠤᠯ ᠭᠡᠳᠡᠭ᠌ ᠰᠡᠳᠭᠢᠯ ᠤᠨ ᠴᠢᠯᠡᠭᠡᠨ ᠤ ᠳᠠᠢ᠌ᠯᠤᠮᠵᠢ ᠪᠣᠶᠤ᠃
ᠵᠤᠬᠢᠶᠠᠭᠴᠢ ᠶᠢᠨ ᠬᠠᠶᠢᠭ᠄ ᠬᠤᠤᠯᠢᠨ ᠭᠤᠤᠯ
ᠵᠤᠬᠢᠶᠠᠭᠴᠢ᠄ ᠳᠤᠷ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠨᠠᠢᠷᠠᠭᠤᠯᠤᠯᠳᠠᠷᠤᠮ᠄ 6231
ᠴᠠᠭ᠄ 2010 ᠤᠨ ᠤ 05 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ