ᠨᠡᠪᠲᠡᠷᠡᠨ ᠤᠷᠤᠬᠤ
ᠳᠤᠷᠠᠯᠠᠯ ᠤᠨ ᠠᠮᠳᠠᠳᠠᠢ ᠨᠠᠮᠤᠷ

ᠡᠳᠦᠷ ᠤᠨ ᠳᠡᠮᠳᠡᠭᠯᠡᠯ ᠳᠤ ᠬᠠᠪᠴᠢᠭᠤᠯᠤᠭᠰᠠᠨ

ᠣᠨᠤᠴᠢᠨ ᠨᠠᠪᠴᠢ ᠰᠢᠷᠭᠠᠯᠳᠤᠬᠤ ᠳᠤ

ᠨᠠᠮᠤᠷ ᠢᠷᠡᠴᠢᠭᠡᠭ᠍ᠰᠡᠨ ᠪᠠᠢ᠌ᠯ᠎ᠠ


ᠦᠯᠡᠳᠡᠭᠡᠵᠤ ᠰᠡᠢ᠌ᠷᠡᠭᠦᠯᠦᠭᠰᠡᠨ ᠦᠰᠦᠭ᠌ ᠤᠳ ᠲᠡᠶ ᠨᠢ

ᠡᠩᠬᠦᠷᠡᠢ᠌ᠯᠡᠨ ᠢᠯᠢᠭᠦ ᠶᠢᠨ ᠬᠤᠷᠤᠮ

ᠨᠠᠷᠢᠬᠠᠨ ᠴᠠᠭᠠᠨ ᠬᠤᠷᠤᠭᠤᠨ ᠤᠨ ᠭᠢᠨᠢ ᠣᠷᠤᠮ ᠡᠴᠡ

ᠭᠡᠷᠡᠯ ᠢᠯᠴᠢ ᠬᠠᠷᠪᠣᠯ᠎ᠠ


ᠥᠨᠦᠰᠦᠭᠡᠳ ᠶᠠᠪᠣᠭᠰᠠᠨ ᠭᠡᠦᠭᠡᠨ ᠤ

ᠣᠷᠤᠭᠤᠯ ᠤᠨ ᠠᠮᠳᠠ ᠥᠨᠦᠷᠳᠦᠭ᠍ᠳᠡᠭᠦ ᠳᠤ

ᠣᠭᠳᠠᠷᠭᠤᠢ ᠳᠤ ᠵᠡᠯᠡᠯᠡᠭᠰᠡᠨ ᠭᠠᠯᠠᠭᠤᠳ ᠤᠨ

ᠨᠢᠯᠪᠣᠰᠤ ᠨᠢ ᠵᠢᠷᠦᠭᠡ ᠶᠢ ᠭᠦᠡᠳᠡᠯ᠎ᠡ


ᠦᠨᠳᠦᠰᠦ ᠣᠷᠤᠭᠤ ᠪᠠᠨ ᠡᠷᠭᠢᠭᠦ

ᠮᠤᠳᠤᠨ ᠨᠠᠪᠴᠢᠰ ᠤᠨ ᠬᠠᠢ᠌ᠷ᠎ᠠ

ᠡᠪᠦᠯ ᠡᠴᠡ ᠡᠮᠦᠨ᠎ᠡ ᠢᠷᠠᠨ᠎ᠠ ᠭᠡᠰᠡᠨ

ᠦᠬᠢᠨ ᠤ ᠥᠭᠡ ᠪᠣᠯᠵᠤ ᠣᠷᠤᠭᠤᠯ᠎ᠠ


ᠠᠭᠤᠯᠠᠨ ᠤ ᠪᠠᠨ ᠨᠦᠮᠦᠷᠢ ᠵᠥᠭ᠌

ᠠᠷᠭᠠᠯᠢ ᠣᠭᠠᠯᠵᠠ ᠨᠢ ᠳᠠᠪᠭᠢᠬᠤ ᠳᠤ

ᠠᠷᠵᠠᠭᠠᠷ ᠭᠦᠷᠡᠩ ᠴᠢᠯᠠᠭᠤ ᠨᠢ ᠴᠤ

ᠭᠤᠤᠯ ᠡᠴᠡ ᠪᠠᠨ ᠳᠤᠭᠳᠤᠯᠠᠬᠤ ᠨᠢ ᠳᠤᠭᠤᠯᠳᠠᠯ᠎ᠠ


ᠠᠢ᠌ᠯ ᠬᠤᠳᠠ ᠶᠢᠨ ᠨᠡᠭᠦᠳᠡᠯ

ᠡᠪᠦᠯᠵᠢᠶᠡᠨ ᠤ ᠪᠠᠭᠤᠴᠠ ᠪᠠᠨ ᠴᠢᠭᠯᠡᠭᠦ ᠳᠤ

ᠠᠮᠢᠨ ᠭᠤᠤᠯ ᠡᠴᠡ ᠳᠠᠩᠴᠤ

ᠮᠠᠨ ᠤ ᠭᠢ ᠤᠢ᠌ᠷ᠎ᠡ ᠪᠣᠯᠤᠯ᠎ᠠ


ᠲ᠋ᠠᠯ᠎ᠠ ᠳᠤ ᠳᠠᠭᠠᠳᠠᠢ ᠰᠠᠭᠠᠳᠠᠭᠰᠠᠨ

ᠳᠤᠷᠠᠯᠠᠯ ᠤᠨ ᠠᠮᠳᠠᠳᠠᠢ ᠨᠠᠮᠤᠷ ᠲᠤ

ᠳᠡᠭ᠍ᠷᠢ ᠭᠠᠵᠠᠷ ᠬᠤᠶᠠᠷ ᠴᠤ

ᠳᠠᠩᠰᠤᠭ ᠪᠣᠶᠠᠨ ᠲᠡᠶ ᠵᠢᠷᠭᠠᠯ᠎ᠠ


ᠡᠳᠦᠷ ᠤᠨ ᠳᠡᠮᠳᠡᠭᠯᠡᠯ ᠳᠤ ᠬᠠᠪᠴᠢᠭᠤᠯᠤᠭᠰᠠᠨ

ᠦᠨᠦᠴᠢᠨ ᠨᠠᠪᠴᠢ ᠰᠢᠷᠭᠠᠯᠳᠤᠬᠤ ᠳᠤ

ᠨᠠᠮᠤᠷ ᠦᠨᠡᠨ ᠢᠷᠡᠴᠢᠩᠡᠭ᠍ᠰᠡᠨ ᠪᠠᠢ᠌ᠯ᠎ᠠ ᠁

ᠵᠤᠬᠢᠶᠠᠭᠴᠢ᠄ ᠰ·ᠪᠦᠭᠡᠴᠢᠯᠡᠭᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 10582
ᠴᠠᠭ᠄ 2014 ᠤᠨ ᠤ 01 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ