ᠨᠡᠪᠲᠡᠷᠡᠨ ᠤᠷᠤᠬᠤ
ᠮᠤᠩᠭ᠋ᠤᠯᠴᠤᠳ ᠤᠨ ᠰᠠᠳᠤᠨ ᠪᠦᠳᠦᠭᠡᠭᠦ ᠴᠢᠳᠠᠪᠣᠷᠢ

ᠮᠤᠩᠭ᠋ᠤᠯᠴᠤᠳ ᠵᠤᠬᠢᠶᠠᠨ ᠪᠠᠢ᠌ᠭᠤᠯᠬᠤ᠂ ᠰᠠᠳᠤᠨ ᠪᠦᠳᠦᠭᠡᠭᠦ ᠴᠢᠳᠠᠪᠣᠷᠢ ᠪᠠᠷ ᠨᠡᠭᠦᠳᠡᠯ ᠤᠨ ᠶ‍ᠢᠷᠳᠢᠠᠴᠤ ᠶᠢ᠌ ᠪᠠᠢ᠌ᠳᠤᠭᠠᠢ᠂ ᠰᠠᠭᠤᠷᠢᠰᠢᠯ ᠰᠠᠭᠤᠭᠴᠢᠳ ᠤᠨ ᠬᠤᠷᠸ᠎ᠠ ᠳᠤ ᠴᠤ ᠭᠠᠢ᠌ᠬᠠᠭᠳᠠᠭᠰᠠᠭᠠᠷ ᠪᠦᠭᠦᠢ ᠮᠥᠩᠭᠡ ᠶᠢᠨ ᠪᠦᠳᠦᠭᠡᠯ ᠤᠨ ᠡᠵᠡᠳ ᠶᠤᠮ᠃ ᠮᠤᠩᠭ᠋ᠤᠯ ᠭᠡᠷ ᠵᠤᠬᠢᠶᠠᠨ ᠠᠵᠤ ᠳᠦᠷᠦᠭᠦ ᠶᠢᠨ ᠭᠦᠨ ᠣᠬᠠᠭᠠᠨ ᠢ ᠴᠠᠭ᠂ ᠵᠠᠷᠤᠳᠠᠯ᠂ ᠭᠦᠳᠡᠯᠮᠦᠷᠢ ᠭᠡᠮᠡᠭᠦ ᠶᠢᠨ ᠡᠳ᠋ ᠤᠨ ᠵᠠᠰᠠᠭ ᠤᠨ ᠣᠬᠠᠭᠠᠨ᠂ ᠡᠷᠡᠭᠦᠯ ᠣᠷᠴᠢᠨ ᠳᠤ ᠠᠯᠵᠢᠶᠠᠯ ᠳᠠᠢ᠌ᠯᠠᠬᠤ ᠶᠢᠨ ᠡᠷᠳᠡᠮ᠂ ᠳᠡᠭ᠍ᠷᠢ ᠭᠠᠯ ᠰᠢᠳᠦᠯᠭᠡ ᠶᠢᠨ ᠨᠠᠷᠢᠨ ᠣᠪᠢᠳᠠᠰ ᠤᠨ ᠴᠤᠭᠴᠠ ᠰᠢᠩᠭᠡᠭ᠍ᠰᠡᠨ ᠬᠤᠤᠰ ᠦᠭᠡᠶ ᠳᠠᠪᠳᠠᠰᠢ ᠦᠭᠡᠶ ᠪᠦᠳᠦᠭᠡᠯ ᠶᠤᠮ᠃ ᠡᠭᠦᠨ ᠡᠴᠡ ᠵᠥᠪᠭᠡᠨ ᠭᠠᠯ᠂ ᠳᠡᠭ᠍ᠷᠢ ᠶᠢ ᠳᠡᠭᠡᠳᠦᠯᠡᠭᠦ ᠦᠯᠵᠢ ᠵᠢᠷᠤᠮ ᠭᠡᠷᠭᠢᠨ ᠳᠤᠰᠬᠠᠭᠰᠠᠨ ᠢ ᠳᠤᠪᠴᠢ ᠥᠭᠦᠯᠡᠭᠦ ᠳᠤ᠄

ᠬᠡᠦᠬᠡᠳ ᠲᠦᠷᠦᠪᠠᠯ ᠳᠡᠭᠦᠨ ᠤ ᠠᠩᠬᠠᠯᠠᠨ ᠬᠠᠷᠠᠬᠤ ᠨᠢ ᠳᠤᠭᠤᠨᠤ ᠪᠠᠷ ᠴᠡᠯᠡᠢ᠌ᠭᠦ ᠭᠦᠭᠡ ᠳᠡᠭ᠍ᠷᠢ ᠪᠠᠢ᠌ᠵᠤ᠂ ᠮᠠᠠᠴᠤᠢ ᠡᠴᠡ ᠭᠠᠷᠴᠤ ᠭᠦᠯ ᠳᠤ ᠣᠷᠤᠬᠤ ᠭᠦᠷᠳᠡᠯ᠎ᠡ ᠳᠡᠭᠡᠭᠰᠢ ᠳᠡᠭ᠍ᠷᠢ ᠶᠢ ᠰᠢᠷᠳᠠᠵᠤ ᠬᠠᠷᠠᠭ᠎ᠠ ᠪᠠᠨ ᠬᠤᠯᠠᠳᠠᠭᠤᠯᠵᠤ᠂ ᠰᠡᠳᠭᠢᠯ ᠶᠢᠡᠨ ᠠᠭᠤᠳᠠᠮᠵᠢᠯᠠᠭᠤᠯᠳᠠᠭ ᠶᠤᠮ᠃ ᠡᠨᠡ ᠪᠣᠯ ᠮᠤᠩᠭ᠋ᠤᠯ ᠭᠦᠮᠤᠨ ᠤ ᠪᠠᠯᠴᠢᠷ ᠨᠠᠰᠤᠨ ᠤ ᠭᠦᠮᠦᠵᠢᠯ ᠤᠨ ᠡᠭᠢᠨ ᠤ ᠠᠷᠭ᠎ᠠ ᠪᠣᠯᠤᠨ᠎ᠠ᠃ ᠳᠠᠭᠢᠨ ᠴᠠᠪᠠᠷ ᠠᠭᠠᠷ ᠤᠨ ᠰᠤᠯᠢᠯᠴᠠᠭ᠎ᠠ ᠶᠢ ᠪᠠᠢ᠌ᠭᠠᠯᠢᠯᠢᠭ ᠳᠤᠭᠢᠷᠠᠭᠤᠯᠤᠨ ᠮᠤᠩᠭ᠋ᠤᠯ ᠭᠡᠷ ᠲᠤ ᠳᠤᠯᠭ᠎ᠠ ᠪᠠᠨ ᠭᠡᠷ ᠤᠨ ᠶᠢᠡᠨ ᠲᠦᠪ ᠳᠤᠮᠳᠠ ᠨᠢ ᠳᠠᠯᠪᠢᠵᠤ ᠢᠯᠴᠢ ᠨᠢ ᠳᠡᠭᠡᠭᠡᠰᠢ ᠪᠠᠨ ᠳᠠᠮᠠᠤᠯᠠᠨ ᠳᠤᠭᠤᠨᠤ ᠪᠠᠷ ᠣᠷᠭᠢᠯᠠᠳᠠᠭ ᠪᠦᠭᠡᠤᠨ ᠬᠠᠨ᠎ᠠ ᠪᠣᠯᠤᠨ ᠭᠦᠯ ᠳᠤᠤᠷ᠎ᠠ ᠡᠴᠡ ᠳᠤᠯᠠᠭᠠᠴᠠᠭᠤᠯᠳᠠᠭ ᠶᠡᠷᠦᠩᠭᠡᠢ᠌ᠯᠡᠭ᠍ᠰᠡᠨ ᠳᠤᠯᠠᠭᠠᠯᠭ᠎ᠠ ᠶᠢᠨ ᠶᠤᠰᠤ ᠪᠣᠯ ᠮᠤᠩᠭ᠋ᠤᠯᠴᠤᠳ ᠡᠷᠳᠡ ᠦᠶ᠎ᠡ ᠡᠴᠡ ᠹᠢᠽᠢᠺ᠂ ᠭᠢᠮᠢ᠂ ᠳᠤᠭᠠᠨ ᠤ ᠣᠬᠠᠭᠠᠨ ᠢ ᠰᠤᠳᠤᠯᠵᠤ ᠨᠡᠭᠡᠭᠡᠨ ᠠᠰᠢᠭᠯᠠᠭᠰᠠᠨ ᠪᠣᠳᠠᠳᠤ ᠭᠡᠷᠡᠴᠢᠯᠡᠯ ᠪᠣᠯᠬᠤ ᠶᠤᠮ᠃ ᠡᠳᠦᠷ ᠤᠨ ᠴᠠᠭ ᠲᠤ ᠭᠡᠷ ᠲᠤ ᠪᠣᠯᠵᠤ ᠪᠠᠢ᠌ᠭ᠎ᠠ ᠪᠦᠭᠦ ᠶᠠᠪᠣᠳᠠᠯ ᠨᠢ ᠡᠷᠦᠭᠡ ᠳᠠᠳᠠᠭᠠᠰᠤᠳᠠᠢ ᠳᠤᠭᠤᠨᠤ ᠪᠠᠷ ᠳᠡᠭ᠍ᠷᠢ ᠶᠢᠨ ᠮᠠᠯᠮᠠᠢ ᠳᠤ ᠢᠯᠠ ᠳᠤᠳᠤ ᠨᠢᠭᠤᠯᠳᠠ ᠦᠭᠡᠶ ᠬᠠᠷᠠᠭᠳᠠᠵᠤ᠂ ᠰᠦᠨᠢ ᠪᠣᠯᠬᠤ ᠳᠤ᠂ ᠭᠡᠷ ᠲᠤ ᠪᠣᠯᠬᠤ ᠠᠯᠢᠪᠠ ᠶᠠᠪᠣᠳᠠᠯ ᠢ ᠳᠡᠭ᠍ᠷᠢ ᠶᠢᠨ ᠮᠠᠯᠮᠠᠢ ᠡᠴᠡ ᠨᠢᠭᠤᠵᠤ ᠡᠷᠦᠭᠡ ᠪᠠᠨ ᠪᠦᠳᠦᠭᠡᠳᠡᠭ᠌ ᠪᠠᠢ᠌ᠨ᠎ᠠ᠃ ᠡᠨᠡ ᠨᠢ ᠳᠡᠭ᠍ᠷᠢ ᠪᠠᠨ ᠰᠢᠳᠦᠭᠦ ᠰᠡᠳᠭᠢᠯ ᠤᠨ ᠢᠯᠠᠷᠠᠯ ᠪᠣᠯᠬᠤ ᠶᠤᠮ᠂ ᠪᠠᠰᠠ ᠴᠤ ᠮᠤᠩᠭ᠋ᠤᠯ ᠭᠦᠮᠤᠨ ᠤ ᠰᠧᠺᠠᠰ ᠤᠨ ᠠᠮᠢᠳᠤᠷᠠᠯ ᠡᠷᠳᠡ ᠳᠡᠭ᠍ᠡᠳᠤ ᠦᠶ᠎ᠡ ᠡᠴᠡ ᠴᠠᠪᠠᠷ ᠠᠷᠢᠭᠤᠨ᠂ ᠶᠤᠰᠤᠯᠢᠭ ᠪᠣᠯᠪᠠᠰᠤᠨ ᠪᠠᠢ᠌ᠳᠠᠭ ᠢ ᠬᠠᠷᠠᠭᠤᠯᠵᠤ ᠪᠣᠢ᠃ (ᠮᠤᠩᠭ᠋ᠤᠯ ᠦᠨᠳᠦᠰᠦᠳᠠᠨ ᠪᠣᠯ 《ᠪᠠᠶ᠎ᠠ ᠥᠨᠡᠯᠡᠭ᠍ᠴᠢ》 (ᠶᠠᠩᠬᠠᠨ) ᠦᠭᠡᠶ᠂ 《ᠭᠣᠢ᠌ᠷᠠᠠᠴᠢ》 ᠦᠭᠡᠶ ᠦᠨᠳᠦᠰᠦᠳᠠᠨ ᠭᠡᠵᠤ ᠳᠡᠭᠡᠷ᠎ᠡ ᠵᠠᠭᠤᠨ ᠤ ᠶ‍ᠡᠷᠭᠡᠤᠨ ᠣᠨ ᠪᠣᠯᠳᠠᠯ᠎ᠠ ᠳᠡᠯᠡᠭᠡᠢ ᠨᠠᠢ᠌ᠳᠠ ᠳᠤ ᠥᠨᠡᠯᠡᠭ᠍ᠳᠡᠵᠤ ᠪᠠᠢ᠌ᠭᠰᠠᠨ ᠪᠢᠯᠠ᠃ ᠵᠠᠷᠢᠮ ᠭᠡᠳᠤᠨ ᠮᠢᠩᠭ᠋ᠠᠨ ᠵᠢᠯ ᠤᠨ ᠳᠡᠦᠭᠡ ᠰᠤᠶᠤᠯ ᠲᠡᠶ ᠦᠨᠳᠦᠰᠦᠳᠠᠨ ᠭᠡᠤᠨ ᠡᠢ᠌ᠮᠤ ᠪᠠᠢ᠌ᠭ᠎ᠠ ᠦᠭᠡᠶ᠂ ᠪᠠᠢ᠌ᠵᠤ ᠴᠤ ᠴᠢᠳᠠᠬᠤ ᠦᠭᠡᠶ᠃ ᠬᠠᠷᠢᠨ ᠳᠠᠳᠠ ᠰᠧᠺᠠᠰ ᠪᠣᠯᠤᠨ ᠠᠷᠠᠯᠵᠢᠶᠠᠯᠠᠬᠤ ᠶᠢᠨ ᠳᠦᠯᠦᠭᠡ ᠦᠬᠢᠨ ᠭᠦᠮᠤᠨ ᠢ ᠪᠣᠭᠤᠯᠴᠢᠯᠠᠨ ᠮᠠᠯᠯᠠᠵᠤ᠂ ᠭᠦᠮᠦᠨᠯᠢᠭ᠌ ᠶᠤᠰᠤᠨ ᠦᠭᠡᠶ ᠪᠠᠷ ᠨᠢᠯᠬ᠎ᠠ ᠪᠠᠭ᠎ᠠ ᠡᠴᠡ ᠨᠢ ᠭᠦᠯ ᠢ ᠨᠢ ᠪᠣᠭᠤᠵᠤ ᠣᠶᠠᠨ ᠱᠣᠢ᠌ᠰᠢᠭ ᠪᠣᠯᠭᠠᠳᠠᠭ ᠶᠠᠪᠣᠳᠠᠯ ᠳᠡᠭᠡᠷ᠎ᠡ ᠵᠠᠭᠤᠨ ᠤ ᠡᠭᠢᠨ ᠪᠣᠯᠳᠠᠯ᠎ᠠ ᠪᠠᠢ᠌ᠭᠰᠠᠨ ᠶᠤᠮ᠃)

ᠳᠤᠯᠢᠬᠠᠨ ᠶᠠᠷᠢᠬᠤ ᠳᠤ᠂ ᠮᠤᠩᠭ᠋ᠤᠯᠴᠤᠳ ᠤᠨ ᠵᠤᠬᠢᠶᠠᠨ ᠪᠠᠢ᠌ᠭᠤᠯᠬᠤ᠂ ᠰᠠᠳᠤᠨ ᠪᠦᠳᠦᠭᠡᠭᠦ ᠴᠢᠳᠠᠪᠣᠷᠢ ᠨᠢ ᠭᠡᠷ ᠡᠴᠡ ᠡᠭᠢᠯᠡᠭᠡᠤᠨ᠂ ᠬᠤᠪᠴᠠᠰᠤ ᠵᠠᠰᠠᠯ᠂ ᠡᠳ᠋ᠯᠡᠯ ᠭᠡᠷᠡᠭᠯᠡᠯ᠂ ᠢᠳᠡᠭᠡᠨ ᠣᠮᠳᠠᠭᠠᠨ᠂ ᠪᠠᠶ᠎ᠠ ᠶᠢᠨ ᠭᠤᠶᠤᠯᠠᠯ᠂ ᠣᠬᠠᠭᠠᠨ ᠤ ᠰᠠᠷᠠᠭᠤᠯᠵᠢᠯᠠᠯ ᠭᠦᠷᠳᠡᠯ᠎ᠡ ᠪᠦᠭᠦ ᠳᠠᠯ᠎ᠠ ᠪᠠᠷ ᠭᠦᠭ᠍ᠵᠢᠨ ᠰᠢᠨᠡᠴᠢᠯᠡᠭ᠍ᠳᠡᠭ᠍ᠰᠡᠭᠡᠷ ᠵᠠᠭᠤᠨ ᠵᠠᠭᠤᠨ ᠢ ᠳᠠᠮᠵᠢᠨ ᠡᠳᠦᠭᠡ ᠭᠦᠷᠴᠤ᠂ ᠰᠢᠯᠢᠳᠡᠭ᠌ ᠦᠨᠳᠦᠰᠦᠳᠠᠨ ᠤ ᠭᠡᠪ ᠴᠢᠨᠠᠷ ᠶᠢᠡᠨ ᠬᠠᠳᠠᠭᠠᠯᠰᠠᠭᠠᠷ ᠪᠠᠢ᠌ᠭ᠎ᠠ ᠠᠵᠢ᠃

ᠵᠤᠬᠢᠶᠠᠭᠴᠢ᠄ ᠥᠭᠡᠯᠡᠳ ᠭᠠᠯᠳᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠵᠠᠩ ᠤᠢ᠌ᠯᠠ
ᠳᠠᠷᠤᠮ᠄ 7440
ᠴᠠᠭ᠄ 2008 ᠤᠨ ᠤ 12 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ