☆ ᠳᠦᠷᠪᠡᠳ ᠡᠷᠳᠡᠨᠢᠪᠠᠶᠡᠷ
ᠴᠢᠩᠭᠢᠰ ᠤᠨ ᠪᠣᠷᠤᠭ᠎ᠠ
ᠣᠯᠠᠭᠠᠨ ᠵᠡᠷᠭᠡᠯᠭᠡᠨ ᠳᠤ
ᠠᠳᠤᠭᠤ ᠣᠭᠤᠭᠢᠵᠤ ᠨᠥᠭᠡᠯᠡᠨᠡ
ᠣᠰᠤᠨ ᠤ ᠠᠮᠢᠰᠬᠤᠭ᠎ᠠ ᠣᠠᠳᠠᠷᠠᠨ᠎ᠠ
ᠣᠶᠠᠭᠠᠨ ᠳᠡᠭᠡᠷ᠎ᠡ
ᠭᠦᠯᠦᠭ᠌ ᠤᠨ ᠵᠡᠭᠦᠳᠤ ᠬᠠᠭᠰᠠᠨᠠ
ᠴᠢᠭᠢᠭ᠌ ᠤᠨ ᠠᠮᠢᠰᠬᠤᠭ᠎ᠠ ᠳᠠᠰᠤᠷᠠᠨ᠎ᠠ
ᠳᠤᠯᠭ᠎ᠠ ᠶᠢᠨ ᠭᠠᠯ
ᠢᠯᠴᠢ ᠵᠢᠭᠡᠯᠡᠨ ᠢᠴᠢᠵᠤ
ᠰᠢᠩᠭᠡᠨ ᠣᠳᠤᠭ᠎ᠠ ᠵᠠᠮᠬᠠᠷᠠᠨ᠎ᠠ
ᠳᠤᠭᠤᠯ ᠤᠨ ᠳᠠᠳᠠᠭ᠎ᠠ
ᠭᠢᠯᠭᠠᠰᠤ ᠨᠠᠮᠠᠬᠠᠨ ᠭᠦᠪᠰᠥᠢᠵᠤ
ᠰᠦᠨ ᠤ ᠦᠨᠦᠷ ᠡᠷᠢᠨ᠎ᠡ
ᠠᠶᠠᠭᠠᠨ ᠪᠠᠯᠴᠢᠭᠡᠷ ᠰᠢᠭ᠌ ᠡᠮᠵᠡᠭ᠍ᠭᠡᠨ
ᠭᠠᠭᠴᠠ ᠬᠤᠤᠠᠳᠤᠭ
ᠳᠡᠯᠡᠭᠡᠢ ᠶᠢᠨ ᠳᠠᠷᠢᠭᠢᠨ ᠳᠤ
ᠠᠳᠤᠭᠤᠨ ᠳᠠᠭᠢ ᠰᠢᠭ ᠣᠢ᠌ᠤᠠᠬᠠᠷ ᠲᠡᠶ
ᠬᠠᠭᠤᠷᠠᠢ ᠡᠭᠦᠯᠡᠰ
ᠠᠯᠤᠰ ᠤᠨ ᠵᠢᠯ ᠳᠤ
ᠡᠵᠢ ᠶᠢᠨ ᠠᠭᠠᠷᠤ
ᠣᠰᠤᠵᠤ
ᠬᠡᠭᠡᠷᠡᠴᠢᠭᠡᠪᠠᠤ︖ ᠭᠡᠵᠤ ᠴᠢᠩᠨᠠᠨ᠎ᠠ
ᠡᠭᠡᠪᠦᠷ ᠤᠨ ᠠᠷᠭᠠᠯ
ᠣᠩᠰᠠᠵᠤ
ᠨᠤᠴᠤᠴᠢᠬᠠᠪᠠᠤ ᠭᠡᠵᠤ ᠰᠡᠵᠢᠭᠯᠡᠨ᠎ᠡ
ᠣᠷᠭᠤᠭ᠎ᠠ ᠪᠠᠢ᠌ᠬᠤ ᠳᠠᠭᠠᠨ
ᠣᠰᠤ ᠳᠠᠳᠠᠯ᠎ᠠ ᠭᠡᠵᠤ
ᠠᠪᠣ ᠣᠷᠭ᠎ᠠ ᠪᠠᠨ ᠲᠦᠰᠢᠨ᠎ᠠ
ᠣᠷᠭ᠎ᠠ ᠪᠣᠯᠤᠭᠠᠤᠨ
ᠠᠳᠤᠭᠤ ᠳᠠᠳᠠᠯ᠎ᠠ ᠭᠡᠵᠤ
ᠣᠷᠭ᠎ᠠ ᠠᠪᠣ ᠶᠢ ᠰᠢᠷᠳᠠᠨ᠎ᠠ
ᠣᠷᠭ᠎ᠠ ᠪᠠᠨ ᠳᠡᠭᠡᠳᠦᠯᠡᠭ᠍ᠰᠡᠨ
(ᠶᠡᠭᠡ ᠵᠠᠰᠠᠭ)
ᠣᠰᠤᠨ ᠳᠡᠭ᠍ᠷᠢ ᠶᠢ
ᠣᠷᠠᠬ᠎ᠠ ᠪᠠᠨ ᠴᠡᠭᠡᠷᠯᠡᠭ᠍ᠰᠡᠨ
ᠣᠷᠳᠤ ᠶᠢᠨ ᠳᠠᠭᠤᠤ
ᠯᠤᠤᠰ ᠤᠨ ᠣᠷᠳᠤ ᠲᠡᠶ
ᠭᠡᠡᠵᠢᠨ ᠢᠰᠢᠭᠡ
ᠰᠡᠭᠦᠳᠡᠷ ᠠᠮᠢᠰᠬᠤᠭᠠᠵᠤ
ᠰᠠᠭᠠᠮᠠᠭᠨᠠᠨᠠ
ᠭᠡᠭᠡᠷ᠎ᠡ ᠶᠢᠨ ᠭᠦᠢᠯᠡᠰᠤ
ᠮᠦᠴᠢᠷ ᠠᠷᠭᠠᠳᠠᠨ
ᠬᠠᠢ᠌ᠯᠤᠨ᠎ᠠ
ᠭᠤᠷᠴᠣᠢ᠌ᠭᠰᠠᠨ ᠴᠢᠳᠤᠷ ᠰᠢᠭ᠌
ᠨᠤᠬᠠᠢ
ᠭᠠᠵᠠᠷ ᠣᠬᠤᠨ ᠭᠠᠰᠤᠯᠤᠨᠠ
ᠭᠤᠩᠭ᠋ᠠᠨᠢᠬᠤ ᠪᠣᠳᠤᠭᠤ ᠰᠢᠭ
ᠬᠤᠭᠤᠷ ᠤᠨ
ᠴᠢᠭᠢ ᠪᠣᠴᠠᠨ ᠭᠢᠬᠤᠨᠠᠨᠠ
ᠠᠠᠵᠢᠰᠤᠨ ᠬᠤᠰᠢᠭᠤᠨ ᠳᠤ
ᠳᠤᠰᠤᠯ ᠣᠰᠤ ᠰᠠᠳᠠᠷᠠᠨᠠ
ᠭᠦᠮᠤᠨ ᠤ ᠰᠠᠨᠠᠭ᠎ᠠ
ᠠᠭᠤᠯᠠ ᠨᠡᠭᠦᠯᠭᠡᠭ᠍ᠰᠡᠳ
ᠳᠡᠨᠡᠭ᠌ ᠡᠯᠡᠰᠤᠨ ᠳᠤ ᠳᠠᠷᠤᠭᠳᠠᠨ᠎ᠠ
ᠵᠤᠨ ᠤ ᠣᠯᠠᠭ᠎ᠠ
ᠪᠣᠷᠤᠭᠠᠨ ᠭᠡᠵᠤ
ᠳᠡᠭ᠍ᠷᠢ ᠵᠥᠭ᠌ ᠲᠦᠳᠦᠨᠡᠨ᠎ᠠ
ᠳᠡᠭ᠍ᠷᠢ ᠰᠠᠨᠠᠭ᠎ᠠ ᠠᠯᠳᠠᠨ᠎ᠠ
ᠪᠣᠷᠬᠠᠨ ᠭᠡᠵᠤ
ᠡᠵᠡᠨ ᠴᠢᠩᠭᠢᠰ ᠲᠤ ᠰᠥᠭᠦᠳᠦᠨᠡ
ᠡᠵᠡᠨ ᠮᠢᠨᠢ ᠴᠢᠮᠡᠭᠡ ᠦᠭᠡᠶ
ᠴᠢᠩᠭᠢᠰ ᠬᠠᠭᠠᠨ ᠤ ᠪᠣᠷᠤᠭ᠎ᠠ
ᠴᠡᠭᠡᠵᠢᠨ ᠳᠤ ᠱᠠᠭᠢᠨ᠎ᠠ
ᠰᠠᠤᠠᠭᠢᠯ ᠭᠠᠩᠳᠠᠭ᠎ᠠ ᠦᠭᠡᠶ ᠪᠠᠢ᠌ᠵᠠᠢ ᠳ᠋ᠠ
ᠰᠠᠤᠠᠭᠢᠯ ᠤᠨ ᠮᠢᠨᠢ ᠥᠭᠡ
ᠵᠢᠷᠦᠭᠡᠨ ᠳᠤ ᠬᠤᠷᠠᠯᠳᠤᠨ᠎ᠠ
ᠭᠡᠯᠡ ᠮᠢᠨᠢ ᠳᠠᠰᠤᠷᠤᠭᠰᠠᠨ ᠪᠠᠢ᠌ᠵᠠᠢ ᠳ᠋ᠠ
ᠡᠭᠦᠯᠡᠰ ᠤᠨ ᠰᠥᠷᠦᠭ᠌
ᠵᠥᠭ᠌ ᠵᠥᠭ᠌ ᠲᠤ ᠪᠠᠨ ᠵᠢᠭᠤᠳᠠᠨ᠎ᠠ
ᠨᠡᠢ᠌ᠯᠡᠭᠦ ᠶᠢ ᠮᠡᠳᠡᠭᠦ ᠦᠭᠡᠶ
ᠦᠯᠮᠠᠢ ᠡᠴᠡ ᠨᠢ
ᠬᠤᠤᠷ ᠤᠨ ᠰᠠᠯᠭᠢ ᠦᠯᠢᠶᠠᠨ᠎ᠠ
ᠡᠢ᠌ᠯᠭᠦ ᠶᠢ ᠯᠠ ᠮᠠᠳᠠᠨ᠎ᠠ
ᠶᠡᠭᠡ ᠳᠠᠯ᠎ᠠ ᠪᠣᠯ
ᠮᠠᠨ ᠤ ᠨᠢᠭᠤᠴᠠ ᠳᠤᠪᠴᠢᠶᠠᠨ
ᠡᠷᠳᠡᠨ ᠤ ᠰᠠᠢ᠌ᠬᠠᠨ ᠯᠠ ᠪᠣᠯᠵᠠᠢ
ᠶᠡᠭᠡ ᠳᠠᠯᠠᠢ ᠪᠣᠯ
ᠮᠠᠨ ᠤ ᠣᠯᠤᠭᠰᠠᠨ ᠦᠭᠡᠶ ᠰᠦᠯᠳᠡ
ᠳᠤᠮᠳᠠᠳᠤ ᠵᠠᠭᠤᠨ ᠤ ᠮᠥᠷᠦᠭᠡᠳᠦᠯ
ᠬᠤᠯᠠ ᠶᠢᠨ ᠠᠭᠤᠯᠠᠨ ᠳᠤ
ᠴᠢᠩᠭᠢᠰ ᠤᠨ ᠪᠣᠷᠤᠭ᠎ᠠ ᠱᠠᠭᠢᠨ᠎ᠠ
ᠮᠠᠷ ᠮᠠᠷ ᠠᠮᠢᠰᠬᠤᠯ ᠡᠷᠢᠨ᠎ᠡ
ᠣᠯᠠ ᠶᠢᠨ ᠳᠤᠤᠷ᠎ᠠ
ᠳᠡᠯᠡᠭᠡᠢ ᠶᠢᠨ ᠠᠮᠢᠰᠬᠤᠭ᠎ᠠ ᠭᠦᠳᠦᠯᠵᠡᠨᠡ
ᠰᠠᠷ ᠰᠠᠷ ᠣᠬᠠᠭᠠᠨ ᠡᠭᠢᠯᠡᠨ᠎ᠡ
ᠵᠤᠬᠢᠶᠠᠭᠴᠢ ᠶᠢᠨ ᠳᠤᠬᠠᠢ᠄ ᠳᠦᠷᠪᠠᠳ ᠡᠷᠳᠡᠨᠢᠪᠠᠶᠡᠷ᠂ 2002 ᠣᠨ ᠳᠤ ᠦᠪᠣᠷ ᠮᠤᠩᠭ᠋ᠤᠯ ᠤᠨ ᠪᠠᠭᠰᠢ ᠶᠢᠨ ᠶᠡᠭᠡ ᠰᠤᠷᠭᠠᠭᠤᠯᠢ ᠡᠴᠡ ᠳᠡᠭᠦᠰᠴᠤ ᠣᠳᠤ ᠣᠯᠠᠭᠠᠠᠬᠠᠳᠠ ᠬᠤᠳᠠ ᠶᠢᠨ ᠠᠷᠤ ᠬᠤᠷᠴᠢᠨ ᠬᠤᠰᠢᠭᠤᠨ ᠤ ᠴᠢᠪᠠᠭ᠎ᠠ ᠮᠤᠩᠭ᠋ᠤᠯ ᠳᠤᠮᠳᠠᠳᠤ ᠰᠤᠷᠭᠠᠭᠤᠯᠢ ᠳᠤ ᠪᠠᠭᠰᠢᠯᠠᠵᠤ ᠪᠠᠢ᠌ᠨ᠎ᠠ
ᠵᠤᠬᠢᠶᠠᠭᠴᠢ᠄ ᠳᠦᠷᠪᠡᠳ ᠡᠷᠳᠡᠨᠢᠪᠠᠶᠡᠷ
ᠢᠷᠡᠯᠲᠡ᠄ ᠰᠠᠮᠪᠠᠷ᠎ᠠ
ᠬᠠᠷᠢᠶ᠎ᠠ᠄
ᠰᠢᠯᠦᠭᠳᠠᠷᠤᠮ᠄ 4522
ᠴᠠᠭ᠄ 2007 ᠤᠨ ᠤ 09 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ