ᠨᠡᠪᠲᠡᠷᠡᠨ ᠤᠷᠤᠬᠤ
ᠰᠠᠷᠠᠯ ᠨᠠᠪᠴᠢ

ᠨᠠᠷᠠᠨ ᠤ ᠭᠡᠷᠡᠯ ᠴᠠᠭᠠᠰᠢ ᠪᠠᠨ ᠡᠭᠡᠵᠤ ᠡᠭᠢᠯᠡᠯ᠎ᠡ

ᠨᠠᠮᠤᠷ ᠣᠳᠤ ᠨᠠᠭᠠᠰᠢ ᠪᠠᠨ ᠡᠩᠨᠡᠭᠡᠳ ᠢᠷᠡᠭᠦ ᠶᠤᠮ

ᠨᠠᠭᠤᠷ ᠤᠨ ᠭᠠᠯᠠᠭᠤ ᠴᠤ ᠣᠷᠤᠭᠰᠢ ᠪᠠᠨ ᠡᠷᠭᠢᠵᠤ ᠪᠣᠴᠠᠯ᠎ᠠ᠃   

ᠨᠡᠭᠡᠭᠡᠳ ᠣᠳᠠᠬᠤ ᠦᠭᠡᠶ ᠡᠪᠦᠯ ᠪᠠᠰᠠ ᠣᠷᠤᠬᠤ ᠶᠤᠮ᠃   

       ᠰᠠᠶ᠎ᠠ ᠪᠣᠮᠠᠨ ᠦᠷ᠎ᠡ ᠪᠠᠨ ᠴᠢ ᠊᠊᠊᠊᠊᠊᠊᠊᠊᠊᠊᠊᠊᠊᠊

       ᠨᠤᠳᠤᠭ ᠣᠰᠤᠨ ᠳᠠᠭᠠᠨ ᠦᠯᠡᠳᠡᠭᠡᠭ᠍ᠰᠡᠨ ᠬᠣᠢ᠌ᠨ᠎ᠠ

       ᠰᠠᠷᠠᠯ ᠣᠷᠤᠭᠰᠠᠨ ᠨᠠᠪᠴᠢ ᠴᠢ

       ᠨᠢᠯᠪᠣᠰᠤ ᠪᠠᠨ ᠪᠢᠳᠡᠭᠡᠢ ᠣᠷᠤᠰᠬᠠᠭᠠᠴᠢ ︕

ᠭᠦᠭᠡᠷᠡᠭᠦ ᠨᠠᠷᠠᠨ ᠤ ᠭᠡᠷᠡᠯ ᠨᠠᠭᠠᠰᠢ ᠪᠠᠨ ᠤᠢ᠌ᠷᠠᠳᠤᠬᠤ ᠳᠤ

ᠭᠦᠯᠳᠡᠭᠦᠤ ᠡᠪᠦᠯ ᠤᠨ ᠵᠢᠪᠠᠷ ᠴᠠᠭᠠᠰᠢ ᠪᠠᠨ ᠵᠢᠭᠤᠳᠠᠬᠤ ᠳᠤ

ᠭᠦᠭᠡᠷᠦᠭᠦᠢ ᠭᠠᠯᠠᠭᠤᠨ ᠤ ᠳᠦᠷᠦᠭᠦᠤ ᠬᠣᠢ᠌ᠰᠢ ᠪᠠᠨ ᠡᠷᠭᠢᠭᠦ ᠳᠤ

ᠭᠦᠭᠡᠭᠡᠳ ᠣᠳᠠᠬᠤ ᠦᠭᠡᠶ ᠵᠤᠨ ᠪᠠᠰᠠ ᠣᠷᠤᠬᠤ ᠶᠤᠮ᠃   

       ᠦᠯᠡᠳᠡᠭᠡᠵᠤ ᠬᠤᠴᠤᠷᠤᠭᠠᠭᠰᠠᠨ ᠦᠷ᠎ᠡ ᠴᠢᠨᠢ ᠊᠊᠊᠊᠊᠊᠊᠊᠊᠊᠊᠊᠊᠊᠊

       ᠦᠯᠦᠭᠡᠢ ᠨᠤᠳᠤᠭ ᠶᠢᠡᠷ ᠠᠮᠢᠯᠠᠭᠰᠠᠨ ᠬᠣᠢ᠌ᠨ᠎ᠠ

       ᠦᠬᠢᠷ᠎ᠠ ᠣᠷᠤᠭᠰᠠᠨ ᠨᠠᠪᠴᠢ ᠴᠢ ᠊᠊᠊᠊᠊᠊᠊᠊᠊᠊᠊᠊᠊᠊᠊

       ᠦᠷᠨᠢᠯ ᠤᠨ ᠳᠠᠭᠤᠤ ᠶᠢ ᠰᠤᠨᠤᠰᠬᠤ ᠶᠤᠮ᠃   


                   1982 . 9 . 2 ᠬᠦᠬᠡᠬᠤᠲᠠ ᠳ᠋ᠤ


ᠵᠤᠬᠢᠶᠠᠭᠴᠢ ᠶᠢᠨ ᠬᠠ‍‌ᠶᠢᠭ ᠄ ᠣᠷᠳᠤᠰ ᠨᠠᠮ ᠤᠨ ᠰᠤᠷᠭᠠᠭᠤᠯᠢ

ᠵᠤᠬᠢᠶᠠᠭᠴᠢ᠄ ᠷ·ᠲᠦᠮᠡᠠ᠊ᠦ᠌ᠯᠵᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 21254
ᠴᠠᠭ᠄ 2014 ᠤᠨ ᠤ 05 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ