ᠨᠡᠪᠲᠡᠷᠡᠨ ᠤᠷᠤᠬᠤ
ᠮᠤᠷᠢ ᠲᠡᠶ ᠭᠦᠮᠤᠨ
(ᠬᠡᠦᠬᠡᠳ ᠤᠨ ᠴᠡᠴᠡᠷᠯᠢᠭ᠌ ᠤᠨ ᠱᠤᠭ ᠶᠠᠷᠢᠶ᠎ᠠ)

ᠡᠨ᠄ ᠡᠩᠭᠡᠷ ᠶᠢᠡᠨ ᠵᠦᠷᠢᠭᠦᠯᠦᠭᠡᠳ ᠳᠠᠭᠠᠷᠠᠵᠤ ᠪᠠᠭᠡᠷᠡᠭ᠍ᠰᠡᠨ ᠮᠠᠶ‍ᠢᠭᠳᠠᠢ ᠳᠠᠢ᠌ᠰᠠᠨ ᠳᠤ ᠭᠠᠷᠴᠤ ᠢᠷᠠᠨ᠎ᠡ᠃

ᠡ᠄ ᠭᠦᠢ ᠳᠠ ᠴᠢᠨᠢ ᠶᠠᠭᠠᠭᠢᠵᠤ ᠪᠠᠢ᠌ᠬᠤ ᠴᠢᠨᠢ ᠡᠨᠡ ᠪᠣᠢ︖ ᠡᠪᠦᠯ ᠪᠣᠯᠤᠭ᠎ᠠ ᠦᠭᠡᠶ ᠪᠠᠷ᠃

ᠡᠨ᠄ ᠶᠠᠭᠠᠭᠢᠭᠠᠤᠨ ᠶᠠᠭᠠᠭᠢᠬᠤ ᠪᠣᠢ᠂ ᠳᠠᠭᠠᠷᠠᠵᠤ ᠪᠠᠢ᠌ᠨ᠎ᠠ ᠰᠢᠳᠠ᠃

ᠡ᠄ ᠳᠠᠭᠠᠷᠠᠵᠤ ᠪᠠᠢ᠌ᠪᠠᠯ ᠳᠠᠬᠤ ᠲᠡᠶ ᠳᠦᠷᠤ᠂

ᠳᠠᠭ᠎ᠠ ᠠᠳᠠᠯᠢ ᠦᠰᠦ ᠲᠡᠶ ᠳᠦᠷᠤᠨ᠎ᠡ ᠪᠠ ᠳ᠋ᠠ︕ (ᠭᠡᠯᠡᠴᠢᠭᠡᠭᠡᠳ ᠠᠮᠠ ᠪᠠᠨ ᠪᠢᠳᠡᠭᠦᠯᠵᠤ ᠱᠤᠭ ᠲᠡᠶ ᠢᠨᠢᠶᠠᠨ᠎ᠡ)

ᠡᠨ᠄ ᠳᠠ ᠪᠠᠰᠠ ᠭᠦᠮᠤᠨ ᠱᠤᠭᠯᠠᠬᠤ ᠳᠠᠭᠠᠨ︕

《ᠳᠡᠭ᠍ᠷᠢ ᠶᠢᠨ ᠳᠡᠭ᠍ᠳᠡᠭ᠌

ᠳᠡᠮᠡᠭᠡᠨ ᠤ ᠱᠠᠭᠠᠠᠳᠠᠭ

ᠭᠠᠵᠠᠷ ᠤᠨ ᠭᠠᠳᠠ

ᠭᠠᠬᠠᠢ ᠶᠢᠨ ᠶᠠᠭᠵᠢᠭ》 ᠵᠢᠡᠨ ᠮᠡᠳᠡᠭᠦ ᠦᠭᠡᠶ᠂ ᠪᠠᠰᠠ ᠫᠠᠤᠨ ᠫᠠᠤᠨ ᠭᠡᠳ ᠪᠠᠢ᠌ᠬᠤ ᠴᠢᠨᠢ︕ (ᠠᠮᠠ ᠪᠠᠨ ᠢᠷᠪᠠᠢ᠌ᠵᠤ ᠳᠤᠷ᠎ᠠ ᠥᠭᠡᠢ᠌ᠴᠡᠨ᠎ᠡ)

ᠡ᠄ ᠪᠢ ᠳᠠᠭᠳᠠᠭ ᠴᠤ᠂ ᠳᠠᠨ ᠰᠢᠭ ᠬᠤᠵᠢᠭᠢᠷ ᠪᠢᠰᠢ ᠳ᠋ᠠ ᠭᠦᠢ︕ (ᠨᠢᠷᠤᠭᠤ ᠪᠠᠨ ᠡᠭᠦᠷᠴᠤ ᠵᠦᠷᠢᠭᠦᠤ ᠳᠠᠰᠢ ᠬᠠᠠᠳᠤᠨ᠎ᠠ)

ᠡᠨ᠄ ᠡᠪ ᠥᠭᠡᠢ᠌ᠷᠭᠡᠵᠤ ᠵᠠᠪᠳᠤᠵᠤ ᠮᠤᠬᠤᠷ ᠳᠤᠯᠤᠭᠠᠢ ᠪᠠᠨ ᠢᠯᠢᠵᠤ ᠦᠵᠡᠨ᠎ᠡ᠃ (ᠱᠤᠭ ᠭᠠᠷᠭᠠᠨ᠎ᠠ)

ᠡ᠄ 《ᠬᠤᠵᠢᠭᠢᠷ ᠬᠤᠵᠢᠭᠢᠷ ᠬᠤᠱᠢ

ᠬᠤᠶᠠᠷ ᠥᠡᠳᠡᠭᠡ ᠨᠢᠱ

ᠳᠦᠵᠢᠭᠡᠷ ᠳᠦᠵᠢᠭᠡᠷ ᠳᠤᠢᠱᠢ

ᠳᠦᠭᠦᠭᠡᠢ ᠥᠡᠳᠡᠭᠡ ᠫᠢᠰ︕》 (ᠬᠤᠱᠤᠩᠨᠠᠬᠤ ᠪᠠᠢ᠌ᠳᠠᠯ ᠭᠠᠷᠭᠠᠨ᠎ᠠ)

ᠡᠨ᠄ ᠭᠦᠢ᠂ ᠪᠢᠳᠡᠭᠡᠢ ᠭᠦᠮᠤᠨ ᠮᠠᠭᠤᠯᠠᠬᠤ ᠪᠠᠷ ᠡᠷᠳᠡᠮ ᠶᠢᠡᠨ ᠪᠣᠯᠭᠠᠴᠢᠬ᠎ᠠ︕ ᠪᠢ ᠳᠠᠨ ᠡᠴᠠ ᠣᠨᠢᠰᠤᠭ᠎ᠠ ᠠᠰᠠᠭᠤᠶ᠎ᠠ︕

ᠡ᠄ ᠬᠨ ᠬᠨ᠂ ᠠᠰᠠᠭᠤ ᠠᠰᠠᠭᠤ︕ ᠳᠠ ᠶᠠᠭᠤ ᠠᠰᠠᠭᠤᠭᠰᠠᠨ ᠴᠤ ᠪᠢ ᠳᠤᠷᠬᠤ ᠦᠭᠡᠶ ᠬᠠᠷᠢᠭᠤᠯᠠᠨ᠎ᠠ ᠰᠢᠤ᠃ (ᠨᠢᠷᠤᠭᠤ ᠪᠠᠨ ᠡᠭᠦᠷᠴᠤ ᠶᠡᠭᠡ ᠪᠠᠷᠳᠠᠮ ᠠᠭᠠᠰᠢᠯᠠᠨ᠎ᠠ)

ᠡᠨ᠄ 《ᠢᠰᠡᠭᠡᠢ ᠳᠤᠯᠤᠭᠠᠢ ᠲᠡᠶ ᠭᠦᠤ

ᠡᠴᠢᠭᠡ ᠶᠢᠨ ᠶᠢᠡᠨ ᠳᠤᠯᠤᠭᠠᠢ ᠶᠢ ᠠᠯᠠᠭᠠᠳᠠᠨ᠎ᠠ》᠃

ᠶᠠᠭᠤ ᠪᠣᠢ︖ ᠭᠡᠯᠡ︕

ᠡ᠄ ᠭᠢ ᠭᠢ᠂ ᠪᠢ ᠳᠠᠨ ᠳᠤ ᠢᠰᠡᠭᠡᠢ ᠮᠠᠯᠠᠭᠠᠢ ᠦᠭ‍ᠭᠦᠶ᠎ᠡ᠂ ᠠᠯᠠᠭᠠᠳᠠᠵᠤ ᠦᠵᠡ ᠳ᠋ᠠ︕ ᠭᠡᠵᠤ ᠳᠤᠯᠤᠭᠠᠢ ᠪᠠᠨ 《ᠡᠨ》 ᠵᠥᠭ᠌ ᠳᠠᠯᠵᠠᠢ᠌ᠯᠭᠠᠵᠤ ᠱᠤᠭ ᠪᠠᠷᠢᠨ᠎ᠠ᠃ (ᠡᠴᠢᠭᠡ ᠨᠢ ᠪᠣᠯᠵᠤ ᠬᠤᠠᠵᠢᠯ᠎ᠠ ᠭᠡᠰᠡᠨ ᠳᠠᠭᠠᠵᠢᠩᠨᠠᠬᠤ ᠪᠠᠢ᠌ᠳᠠᠯ ᠭᠠᠷᠭᠠᠨ᠎ᠠ)

ᠡᠨ᠄ ᠭᠦᠢ᠂ ᠭᠦᠢ᠂ ᠳᠠ ᠪᠠᠭ᠎ᠠ ᠪᠣᠯᠪᠠᠰᠤᠨ ᠪᠠᠢ︕ ᠪᠢ ᠳᠠᠨ ᠡᠴᠠ ᠦᠨᠡᠨ ᠣᠨᠢᠰᠤᠭ᠎ᠠ ᠠᠰᠠᠭᠤᠵᠤ ᠪᠠᠢ᠌ᠨ᠎ᠠ ᠰᠢᠤ︕

ᠡ᠄ ᠪᠣᠳᠤᠵᠤ ᠪᠣᠳᠤᠭᠠᠤᠨ᠄ 《ᠭᠡᠩᠭᠡᠷᠭᠡ ᠴᠤᠭᠢᠬᠤ》 ᠰᠢᠤ ᠳ᠋ᠠ︕ ᠭᠡᠳ ᠬᠤᠶᠠᠷ ᠭᠠᠷ ᠶᠢᠡᠷ ᠶᠢᠡᠨ ᠭᠡᠩᠭᠡᠷᠭᠡ ᠴᠤᠭᠢᠬᠤ ᠳᠦᠷᠢ ᠭᠠᠷᠭᠠᠵᠤ᠄ 《ᠲᠦᠩ᠂ ᠲᠦᠩ ᠁》 ᠭᠡᠨ᠎ᠡ᠃

ᠡᠨ᠄ ᠳᠠᠭᠠᠷᠠᠵᠤ ᠪᠠᠢ᠌ᠨ᠎ᠠ᠃ ᠪᠠᠰᠠ ᠨᠢᠭᠡ ᠶᠢ ᠠᠰᠠᠭᠤᠶ᠎ᠠ︕

《ᠬᠡᠦᠬᠡᠳ ᠪᠠᠢ᠌ᠬᠤ ᠡᠴᠠ ᠵᠡᠭᠦᠭ᠍ᠰᠡᠨ ᠬᠤᠩᠬᠤ

ᠭᠦᠮᠤᠨ ᠪᠣᠯᠭᠠᠨ ᠳᠤ ᠮᠢᠨᠤ ᠰᠤᠷᠠᠭ ᠢ ᠭᠠᠷᠭᠠᠨ᠎ᠠ》᠃ ᠡᠨᠡ ᠶᠠᠭᠤ ᠪᠣᠢ︖

ᠡ᠄ ᠮᠡᠳᠡᠭᠦ ᠦᠭᠡᠶ᠂ ᠮᠡᠳᠡᠭᠦ ᠦᠭᠡᠶ᠃ ᠮᠥᠮᠥ ᠶᠠᠷᠤ ᠡᠴᠠ ᠨᠠᠳᠠ ᠳᠤ ᠬᠤᠩᠬᠤ ᠵᠡᠭᠦᠯᠭᠡᠵᠤ ᠥᠩᠭᠡᠷᠡᠭ᠍ᠰᠡᠨ ᠦᠭᠡᠶ᠃ ᠭᠡᠵᠤ ᠳᠤᠯᠤᠭᠠᠢ ᠰᠠᠵᠢᠨ᠎ᠠ᠃

ᠡᠨ᠄ 《ᠡ》 ᠵᠢᠨ ᠳᠤᠯᠤᠭᠠᠢ ᠶᠢ ᠳᠤᠯᠤᠪᠣᠷ ᠬᠤᠷᠤᠭᠤ ᠪᠠᠷ ᠶᠢᠡᠨ ᠭᠦᠩᠭᠡᠭᠡᠨ ᠳᠤᠶ‍ᠢᠵᠤ᠂ ᠳᠤᠭᠤᠮᠰᠠᠷᠯᠠᠬᠤ ᠪᠠᠢ᠌ᠳᠠᠯ ᠭᠠᠷᠭᠠᠨ᠎ᠠ᠃

ᠡ᠄ ᠭᠢ ᠭᠢ᠂ ᠳᠠᠷᠠ ᠴᠢᠨᠢ 《ᠭᠦᠮᠤᠨ》 ᠰᠢᠳᠠ᠂ ᠪᠢ ᠵᠥᠭᠡᠷ ᠳᠠᠨ ᠤ ᠶᠠᠭᠠᠭᠢᠬᠤ ᠶᠢ ᠴᠢᠨᠢ ᠦᠵᠡᠶ᠎ᠠ ᠭᠡᠰᠡᠨ ᠶᠤᠮ᠃ ᠭᠡᠵᠤ ᠦᠯᠮᠠᠢ ᠪᠠᠷ ᠶᠢᠡᠨ ᠭᠠᠵᠠᠷ ᠨᠢᠳᠠᠷᠠᠵᠤ᠂ ᠳᠤᠯᠤᠭᠠᠢ ᠪᠠᠨ ᠳᠤᠩᠬᠤᠯᠵᠢᠭᠤᠯᠵᠤ ᠱᠤᠭ ᠭᠠᠷᠭᠠᠨ᠎ᠠ᠃

ᠡᠨ᠄ ᠵᠠ᠂ ᠳᠡᠭᠡᠪᠠᠯ ᠪᠠᠰᠠ ᠨᠢᠭᠡ ᠶᠢ ᠠᠰᠠᠭᠤᠶ᠎ᠠ︕

《ᠰᠠᠭᠤᠮᠠᠯ ᠪᠣᠷᠬᠠᠨ

ᠭᠦᠶ‍ᠦᠮᠡᠯ ᠰᠢᠷᠡᠭᠡ》 ᠭᠡᠵᠤ ᠶᠠᠭᠤ ᠪᠣᠢ︖ ᠪᠣᠰᠢᠭᠤ ᠬᠠᠷᠢᠭᠤᠯ ᠡ︕

ᠡ᠄ ᠳᠡᠭᠦᠨ ᠢ ᠭᠡᠨ ᠮᠡᠳᠡᠭᠦ ᠦᠭᠡᠶ ᠶᠤᠮ᠂ 《ᠮᠤᠷᠢᠳᠠᠢ ᠭᠦᠮᠤᠨ》 ᠰᠢᠳᠠ ᠭᠡᠵᠤ ᠶᠡᠭᠡᠯ᠎ᠡ ᠶᠡᠭᠡ ᠶᠠᠭᠤᠮ᠎ᠠ ᠮᠡᠳᠡᠭ᠍ᠰᠡᠨ ᠭᠦᠮᠤᠨ ᠰᠢᠭ᠌ ᠣᠪᠣᠷᠯᠠᠨ᠎ᠠ᠃

ᠡᠨ᠄ ᠳᠠᠭᠠᠷᠠᠵᠤ ᠪᠠᠢ᠌ᠨ᠎ᠠ 《ᠮᠤᠷᠢᠳᠠᠢ ᠭᠦᠮᠤᠨ》᠃

ᠡᠨ᠂ ᠡ᠄ ᠭᠠᠷ ᠶᠢᠡᠨ ᠬᠤᠯᠪᠤᠨ ᠳᠡᠭᠡᠷ᠎ᠡ ᠡᠷᠭᠦᠵᠤ ᠬᠠᠮᠳᠤ ᠪᠠᠷ᠄ 《ᠪᠢᠳᠠ ᠮᠤᠷᠢ ᠲᠡᠶ ᠭᠦᠮᠤᠨ ᠤ ᠰᠠᠢ᠌ᠬᠠᠨ ᠨᠠᠷ᠎ᠠ ᠪᠠᠨ ᠮᠠᠠᠳᠤᠭᠤᠯᠵᠤ ᠶᠠᠪᠣᠶ᠎ᠠ》᠃ ᠪᠠᠶᠠᠷᠯᠠᠯ᠎ᠠ︕

ᠳᠠᠢ᠌ᠰᠠᠨ ᠡᠴᠠ ᠪᠠᠭᠤᠨ᠎ᠠ᠃


ᠦᠨᠦᠳᠤᠷ ᠪᠢ ᠬᠡᠦᠬᠡᠳ ᠤᠨ ᠶᠢᠡᠨ ᠰᠤᠷᠴᠤ ᠥᠩᠭᠡᠷᠡᠭ᠍ᠰᠡᠨ ᠵᠤᠭ᠎ᠠ ᠥᠭᠡ ᠪᠣᠯᠤᠨ ᠣᠨᠢᠰᠤᠭ᠎ᠠ ᠪᠠᠨ ᠪᠣᠯᠪᠠᠰᠤᠷᠠᠩᠭ᠋ᠤᠢ ᠡᠵᠡᠮᠰᠢᠵᠤ ᠥᠭᠡ ᠶᠠᠷᠢᠶᠠᠨ ᠤ ᠴᠢᠳᠠᠪᠣᠷᠢ ᠶᠢ ᠨᠢ ᠨᠠᠩ ᠳᠡᠭᠡᠭ᠍ᠰᠢᠯᠡᠭᠦᠯᠭᠦ ᠶᠢᠨ ᠡᠭᠦᠳᠡᠨ ᠡᠴᠠ ᠳᠤᠰ ᠱᠤᠭ ᠶᠠᠷᠢᠶ᠎ᠠ ᠶᠢ ᠵᠤᠬᠢᠶᠠᠵᠤ ᠦᠪᠡᠷ ᠤᠨ ᠪᠠᠶᠠᠷ ᠤᠨ ᠡᠳᠦᠷ ᠊᠊᠊᠊᠊᠊᠊᠊᠊᠊᠊᠊᠊᠊᠊ ᠪᠠᠭᠰᠢ ᠶᠢᠨ ᠪᠠᠶᠠᠷ ᠶᠢᠡᠨ ᠪᠠᠯᠭᠡᠯᠡᠪᠡ᠃ ᠠᠭᠠᠭᠢᠮ᠎ᠠ ᠵᠠᠯᠠᠭᠤ ᠡᠴᠠ ᠠᠬᠠᠰᠢᠷᠠᠭ᠎ᠠ ᠪᠣᠭᠤᠷᠤᠯ᠂ ᠠᠷᠠᠤᠨ ᠤᠨ ᠪᠠᠭᠰᠢ ᠪᠦᠭᠦᠨ ᠳᠤ ᠦᠨᠦᠳᠤᠷ ᠤᠨ ᠠᠮᠤᠷ ᠠᠮᠤᠭᠤᠯᠠᠩ ᠢ ᠠᠢ᠌ᠯᠠᠳᠬᠠᠵᠤ ᠪᠠᠢ᠌ᠨ᠎ᠠ︕


2010 ᠣᠨ9 ᠰᠠᠷ᠎ᠠ ᠵᠢᠨ9 ᠤ ᠡᠳᠦᠷ

ᠯᠢᠶᠤᠤ ᠶᠢᠨ ᠳᠡᠭᠡᠳᠤ ᠨᠠᠢ᠌ᠰᠯᠠᠯ ᠊᠊᠊᠊᠊᠊᠊᠊᠊᠊᠊᠊᠊᠊᠊ ᠯᠢᠠᠲᠦᠩ ᠪᠠᠯᠭᠠᠰᠠᠨ᠎ᠠ


ᠵᠤᠬᠢᠶᠠᠭᠴᠢ ᠶᠢᠨ ᠬᠠᠶ‍ᠢᠭ᠄ cfblzqsd@163.com

ᠵᠤᠬᠢᠶᠠᠭᠴᠢ᠄ ᠽᠠᠠᠳᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 7441
ᠴᠠᠭ᠄ 2010 ᠤᠨ ᠤ 09 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ