☆ ᠮᠦᠩᠭᠦᠳᠡᠯᠡᠢ
ᠭᠦᠭᠡ᠊ᠤ᠋ᠰᠤᠨ ᠤ ᠭᠤᠤᠯ ᠮᠢᠨᠢ
ᠮᠦᠩᠭᠦᠨ ᠴᠠᠰᠤ ᠲᠡᠶ ᠠᠭᠤᠯᠠᠰ ᠲᠤ ᠨᠢ
ᠮᠥᠩᠭᠡ ᠶᠢᠨ ᠨᠠᠷᠠᠰᠤ ᠰᠥᠡᠳᠡᠷᠯᠡᠭ᠍ᠰᠡᠨ
ᠮᠥᠯᠦᠭᠡᠷ ᠨᠤᠭᠤᠭᠠᠨ ᠬᠠᠢ᠌ᠷᠠᠬᠠᠨ ᠳᠤ ᠨᠢ
ᠪᠦᠷᠭᠦᠤᠨ ᠰᠢᠪᠠᠭᠤ ᠬᠠᠯᠢᠭᠰᠠᠨ
ᠠᠷᠢᠭᠤᠬᠠᠨ ᠣᠷᠤᠰᠬᠠᠯ ᠲᠡᠶ ᠭᠦᠭᠡ᠊ᠤ᠋ᠰᠤᠨ ᠤ ᠭᠤᠤᠯ ᠮᠢᠨᠢ
ᠡᠷᠳᠡᠨᠢ ᠪᠠᠢ᠌ᠭᠠᠯᠢ ᠶᠢᠨ ᠠᠮᠢᠯᠠᠯ ᠤᠨ ᠷᠠᠰᠢᠶᠠᠨ
ᠡᠯᠦᠡᠴᠡ ᠡᠪᠦᠭᠡ ᠶᠢᠨ ᠳᠡᠦᠭᠡ ᠲᠡᠶ ᠪᠠᠭᠤᠷᠢ
ᠡᠷᠡᠯᠭᠡᠭ᠌ ᠮᠠᠯᠴᠢᠳ ᠤᠨ ᠠᠮᠢᠳᠤᠷᠠᠯ ᠤᠨ ᠦᠯᠦᠭᠡᠢ
ᠦᠨᠢᠷ ᠰᠦᠷᠦᠭ᠌ ᠤᠨ ᠰᠢᠮ᠎ᠠ ᠲᠡᠶ ᠪᠠᠯᠴᠢᠭᠡᠷ
ᠡᠪᠠᠰᠤ ᠴᠡᠴᠡᠭ᠌ ᠤᠨ ᠦᠵᠡᠮᠵᠢᠳᠤ ᠣᠷᠤᠨ
ᠪᠣᠯᠤᠷ ᠣᠷᠤᠰᠬᠠᠯ ᠲᠡᠶ ᠭᠦᠭᠡ᠊ᠤ᠋ᠰᠤᠨ ᠤ ᠭᠤᠤᠯ ᠮᠢᠨᠢ
ᠪᠣᠶᠠᠠᠳᠤ ᠮᠠᠯᠴᠢᠳ ᠤᠨ ᠵᠢᠷᠭᠠᠯ ᠤᠨ ᠷᠠᠰᠢᠶᠠᠨ
ᠶᠡᠭᠡ ᠳᠤᠮᠳᠠ ᠡᠭᠢᠨ ᠳᠠᠪᠠᠭ᠎ᠠ ᠪᠠᠷ ᠵᠢᠠᠨ
ᠦᠷᠭᠡᠨ ᠵᠤᠯᠴᠠ ᠳᠠᠭᠠᠨ ᠡᠭᠦᠳᠡ ᠪᠠᠨ ᠨᠡᠭᠡᠭᠡᠭ᠍ᠰᠡᠨ
ᠬᠠᠷᠠᠭᠠᠢ ᠴᠠᠭᠢᠭᠤᠷ ᠭᠠᠯᠳᠠᠮᠪᠠ ᠶᠢᠨ ᠷᠠᠰᠢᠶᠠᠨ ᠶᠢᠡᠷ ᠵᠢᠠᠨ
ᠬᠤᠯᠠ ᠵᠤᠭᠠᠴᠠᠭᠰᠠᠤᠨ ᠤᠨ ᠪᠠᠬᠠᠷᠤᠯ ᠢ ᠳᠠᠳᠠᠭᠰᠠᠨ
ᠬᠠᠮᠤᠭ ᠠᠮᠢᠳᠠᠨ ᠤ ᠠᠮᠢᠯᠠᠯ ᠤᠨ ᠷᠠᠰᠢᠶᠠᠨ
ᠬᠠᠢ᠌ᠷᠠᠳᠤ ᠮᠠᠯᠴᠢᠳ ᠤᠨ ᠪᠠᠶᠠᠨ ᠪᠠᠭᠤᠷᠢ ᠭᠦᠭᠡ᠊ᠤ᠋ᠰᠤᠨ
ᠭᠤᠷᠪᠠᠨ ᠳᠠᠪᠠᠭ᠎ᠠ ᠶᠢᠨ ᠦᠨᠳᠦᠷ ᠠᠭᠤᠯᠠ ᠡᠴᠠ
ᠭᠤᠸ᠎ᠠ ᠦᠵᠡᠮᠵᠢᠳᠤ ᠳᠤᠷᠭᠠᠨ ᠵᠤᠰᠠᠯᠠᠩ ᠨᠠᠯᠠᠢ᠌ᠨ᠎ᠠ
ᠭᠤᠤᠯ ᠤᠨ ᠡᠭᠢᠨ ᠡᠴᠠ ᠬᠠᠷᠠᠭ᠎ᠠ ᠪᠠᠯᠴᠢᠨ ᠪᠠᠷᠠᠭᠠᠯᠬᠤ ᠳ᠋ᠤ
ᠭᠣᠢ᠌ᠪᠠᠯᠵᠠᠨ ᠮᠤᠰᠭᠢᠷᠠᠯᠳᠤᠭᠰᠠᠨ ᠵᠠᠰᠠᠮᠠᠯ ᠵᠠᠮ ᠰᠤᠨᠤᠯᠵᠠᠨ᠎ᠠ
ᠮᠢᠷᠠᠯᠵᠠᠨ ᠣᠷᠤᠰᠬᠤ ᠭᠦᠭᠡ᠊ᠤ᠋ᠰᠤᠨ ᠤ ᠭᠤᠤᠯ ᠮᠢᠨᠢ
ᠮᠤᠯᠤᠷ ᠡᠷᠳᠡᠨᠢ ᠳᠤᠨᠤᠷᠠᠨ ᠭᠢᠯᠯᠠᠵᠠᠨᠠ
ᠭᠢᠷᠤᠪ ᠤᠨ ᠠᠭᠠᠷ ᠣᠭᠵᠢ ᠶᠢᠨ ᠠᠭᠠᠷ
ᠭᠡᠵᠢᠶᠡᠨᠢ ᠴᠠᠭ ᠤᠨ ᠡᠪᠦᠭᠡᠳ ᠤᠨ ᠪᠠᠭᠤᠷᠢ
ᠰᠡᠩᠭᠡ ᠰᠤᠶᠤᠯ ᠳᠠᠯᠠᠢ
ᠰᠠᠷᠠᠭᠤᠯ ᠨᠤᠳᠤᠭ ᠤᠨ ᠪᠠᠭᠠᠳᠤᠷ ᠡᠵᠡᠳ
ᠡᠷᠳᠡᠨᠢ ᠪᠠᠢ᠌ᠭᠠᠯᠢ ᠶᠢᠨ ᠣᠷᠠᠨ ᠵᠢᠷᠤᠭ
ᠦᠵᠡᠮᠵᠢ ᠳᠡᠭᠦᠰ ᠭᠦᠭᠡ᠊ᠤ᠋ᠰᠤᠨ ᠤ ᠭᠤᠤᠯ ᠮᠢᠨᠢ
ᠵᠤᠬᠢᠶᠠᠭᠴᠢ ᠶᠢᠨ ᠬᠠᠶᠢᠭ᠄ ᠰᠢᠠᠵᠠᠶᠠᠩ ᠤᠨ ᠪᠠᠶᠠᠭᠤᠤᠯ ᠵᠸᠤ ᠡᡁᠸᠵᠢᠩ ᠰᠢᠶᠠᠨ ᠤ ᠪᠠᠶᠠᠭᠤᠤᠯ ᠰᠤᠮᠤᠨ ᠤ ᠮᠠᠯ ᠤᠨ ᠡᠮᠴᠢ ᠶᠢᠨ ᠦᠷᠳᠡᠭᠡᠨ
ᠵᠤᠬᠢᠶᠠᠭᠴᠢ᠄ ᠮᠦᠩᠭᠦᠳᠡᠯᠡᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2669
ᠴᠠᠭ᠄ 2010 ᠤᠨ ᠤ 08 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ