ᠨᠡᠪᠲᠡᠷᠡᠨ ᠤᠷᠤᠬᠤ
ᠬᠤᠷᠴᠢᠨ ᠠᠷᠠᠤᠨ ᠤᠨ ᠳᠠᠭᠤᠤ ᠪᠠ ᠠᠯᠠᠱᠠ ᠠᠷᠠᠤᠨ ᠤᠨ ᠳᠠᠭᠤᠤ ᠶᠢᠨ ᠳᠤᠬᠠᠢ ᠮᠦᠴᠢᠳ ᠬᠠᠷᠢᠴᠠᠭᠤᠯᠬᠤ ᠨᠢ

[ᠠᠭᠤᠯᠭ᠎ᠠ ᠶᠢᠨ ᠳᠤᠪᠴᠢ] ᠬᠠᠷᠢᠴᠠᠭᠤᠯᠬᠤ ᠠᠷᠭ᠎ᠠ ᠶᠢᠨ ᠡᠭᠦᠳᠡᠨ ᠡᠴᠠ ᠬᠤᠶᠠᠷ ᠣᠷᠤᠨ ᠤ ᠠᠷᠠᠤᠨ ᠤᠨ ᠳᠠᠭᠤᠤ ᠶᠢᠨ ᠬᠤᠭᠤᠷᠤᠠᠳᠤᠭᠢ ᠦᠪᠡᠷᠮᠢᠴᠠ ᠴᠢᠨᠠᠷ ᠢ ᠢᠯᠡᠷᠡᠭᠦᠯᠭᠦ ᠨᠢ ᠮᠤᠩᠭ᠋ᠤᠯ ᠠᠷᠠᠤᠨ ᠤᠨ ᠠᠮᠠᠨ ᠵᠤᠬᠢᠶᠠᠯ ᠤᠨ ᠦᠨᠳᠦᠰᠦᠳᠠᠨ ᠤ ᠪᠠ ᠣᠷᠤᠨ ᠨᠤᠳᠤᠭ ᠤᠨ ᠰᠢᠠᠵᠢ ᠣᠠᠴᠠᠯᠢᠭ ᠢ ᠢᠯᠡᠷᠡᠭᠦᠯᠭᠦ ᠳᠤ ᠴᠢᠬᠤᠯᠠ ᠠᠴᠢ ᠬᠤᠯᠪᠣᠭᠳᠠᠯ ᠲᠡᠶ᠃ ᠬᠤᠷᠴᠢᠨ ᠠᠷᠠᠤᠨ ᠤᠨ ᠳᠠᠭᠤᠤ ᠪᠠ ᠠᠯᠠᠱᠠ ᠠᠷᠠᠤᠨ ᠤᠨ ᠳᠠᠭᠤᠤ ᠶᠢᠨ ᠪᠣᠢ ᠪᠣᠯᠬᠤ ᠳᠤ ᠳᠤᠰ ᠬᠤᠶᠠᠷ ᠣᠷᠤᠨ ᠤ ᠳᠡᠦᠭᠡ ᠶᠢᠨ ᠶᠠᠪᠣᠴᠠ᠂ ᠪᠠᠢ᠌ᠭᠠᠯᠢ ᠶᠢᠨ ᠪᠠ ᠨᠡᠢ᠌ᠭᠡᠮ ᠤᠨ ᠨᠥᠭᠦᠴᠡᠯ᠂ ᠭᠠᠵᠠᠷ ᠣᠷᠤᠨ ᠤ ᠣᠠᠴᠠᠯᠢᠭ ᠵᠡᠷᠭᠡ ᠨᠢ ᠬᠤᠶᠠᠷ ᠣᠷᠤᠨ ᠤ ᠠᠷᠠᠤᠨ ᠤᠨ ᠳᠠᠭᠤᠤ ᠶᠢ ᠦᠪᠡᠷ ᠦᠪᠡᠷ ᠤᠨ ᠭᠢᠨᠢ ᠣᠠᠴᠠᠯᠢᠭ ᠲᠡᠶ ᠪᠣᠯᠭᠠᠵᠠᠢ᠃


[ᠵᠠᠩᠭᠢᠯᠠᠭ᠎ᠠ ᠶᠢᠨ ᠥᠭᠡ] ᠬᠤᠷᠴᠢᠨ ᠠᠯᠠᠱᠠ ᠠᠷᠠᠤᠨ ᠤᠨ ᠳᠠᠭᠤᠤ ᠣᠷᠤᠨ ᠨᠤᠳᠤᠭ


ᠠᠷᠠᠤᠨ ᠤᠨ ᠳᠠᠭᠤᠤ ᠪᠣᠯ ᠠᠷᠠᠤᠨ ᠲᠦᠮᠡᠨ ᠤ ᠠᠵᠤ ᠣᠢ᠌ᠯᠠᠳᠪᠣᠷᠢᠯᠠᠯ᠂ ᠠᠬᠤᠢ ᠠᠮᠢᠳᠤᠷᠠᠯ᠂ ᠠᠭᠠᠯᠢ ᠵᠠᠩ᠂ ᠨᠤᠳᠤᠭ ᠣᠰᠤ ᠠᠯᠢ ᠪᠦᠭᠦᠨ ᠳᠤ ᠰᠠᠭᠤᠷᠢᠯᠠᠵᠤ᠂ ᠳᠠᠳᠠᠨ ᠤ ᠰᠠᠴᠠᠨ ᠰᠡᠷᠭᠦᠯᠡᠩ ᠣᠢ ᠪᠢᠯᠢᠭ᠌᠂ ᠣᠶᠤᠨ ᠣᠬᠠᠭᠠᠨ ᠡᠴᠠ ᠣᠠᠳᠤᠷᠤᠨ ᠭᠠᠷᠤᠭᠰᠠᠨ ᠦᠨᠳᠦᠰᠦ ᠭᠦᠨ᠂ ᠢᠷᠠᠯᠳᠠ ᠪᠠᠶᠠᠯᠢᠭ᠂ ᠬᠠᠮᠤᠭ ᠤᠨ ᠳᠡᠯᠭᠡᠷᠩᠭᠦᠢ ᠠᠬᠤᠢ᠌ᠴᠢ ᠴᠢᠨᠠᠷ ᠲᠡᠶ ᠠᠷᠠᠤᠨ ᠤᠨ ᠠᠮᠠᠨ ᠵᠤᠬᠢᠶᠠᠯ ᠤᠨ ᠭᠡᠯᠪᠠᠷᠢ ᠮᠦᠨ᠃ ᠡᠢ᠌ᠮᠤ ᠡᠴᠠ ᠠᠷᠠᠤᠨ ᠤᠨ ᠳᠠᠭᠤᠤ ᠨᠢ ᠣᠯᠤᠰ ᠣᠷᠤᠨ᠂ ᠦᠨᠳᠦᠰᠦᠳᠠᠨ ᠨᠥᠭᠦᠤᠨ ᠤᠨ ᠰᠤᠶᠤᠯ ᠳᠡᠦᠭᠡ ᠶᠢᠨ ᠡᠭᠦᠰᠦᠯᠳᠡ ᠭᠦᠭ᠍ᠵᠢᠯᠳᠡ ᠶᠢᠨ ᠢᠯᠭᠠᠭ᠎ᠠ ᠵᠢᠴᠢ ᠣᠷᠤᠰᠢᠨ ᠳᠤᠭᠳᠠᠨᠢᠭᠰᠠᠨ ᠪᠠᠢ᠌ᠭᠠᠯᠢ ᠶᠢᠨ ᠪᠠ ᠨᠡᠢ᠌ᠭᠡᠮ ᠤᠨ ᠨᠥᠭᠦᠴᠡᠯ ᠰᠢᠯᠳᠠᠭᠠᠨ ᠡᠴᠠ ᠪᠣᠯᠵᠤ ᠦᠪᠡᠷᠮᠢᠴᠠ ᠣᠠᠴᠠᠯᠢᠭ ᠪᠦᠭᠦᠢ ᠭᠡᠪ ᠨᠠᠮᠪᠠ᠂ ᠠᠢ᠌ᠵᠠᠮ ᠭᠦᠭ᠌ ᠵᠡᠷᠭᠡ ᠶᠢ ᠪᠦᠷᠢᠯᠳᠦᠭᠦᠯᠳᠡᠭ᠌᠃


ᠨᠢᠭᠡ᠂ ᠳᠡᠦᠭᠡ ᠪᠠ ᠭᠠᠵᠠᠷ ᠵᠦᠢ᠌ ᠶᠢᠨ ᠣᠠᠴᠠᠯᠢᠭ ᠡᠴᠠ ᠪᠣᠯᠵᠤ ᠬᠤᠷᠴᠢᠨ ᠠᠷᠠᠤᠨ ᠤᠨ ᠳᠠᠭᠤᠤ ᠪᠠ ᠠᠯᠠᠱᠠ ᠠᠷᠠᠤᠨ ᠤᠨ ᠳᠠᠭᠤᠤ ᠨᠢ ᠠᠳᠠᠯᠢ ᠪᠣᠰᠤ ᠭᠦᠭ᠌ ᠠᠢ᠌ᠵᠢᠮ ᠲᠡᠶ ᠪᠣᠯᠪᠠ᠃


ᠬᠤᠷᠴᠢᠨ ᠮᠤᠩᠭ᠋ᠤᠯᠴᠤᠳ ᠣᠤᠯ ᠨᠢ ᠬᠠᠢ᠌ᠯᠠᠷ ᠭᠤᠤᠯ ᠡᠴᠠ ᠬᠣᠢ᠌ᠰᠢ ᠪᠠᠨ ᠡᠮᠦᠨᠡᠳᠤ ᠰᠢᠪᠧᠷᠢᠶ᠎ᠠ ᠭᠦᠷᠳᠡᠯᠭᠢ ᠦᠷᠭᠡᠨ ᠠᠭᠤᠳᠠᠮ ᠭᠠᠵᠠᠷ ᠣᠷᠤᠨ ᠶᠢᠡᠷ ᠮᠠᠯ ᠮᠠᠯᠵᠢᠨ ᠨᠡᠭᠦᠳᠡᠯᠯᠡᠨ ᠠᠮᠢᠳᠤᠷᠠᠵᠤ ᠪᠠᠢ᠌ᠵᠠᠢ᠃ ᠠᠷᠪᠠᠨ ᠳᠠᠪᠣᠳᠤᠭᠠᠷ ᠵᠠᠭᠤᠨ ᠤ ᠬᠤᠷᠢᠭᠠᠤᠨ ᠣᠨ ᠤ ᠪᠠᠷᠤᠭ ᠶᠢᠡᠷ ᠳᠤᠳᠤᠭᠠᠳᠤ ᠶᠢᠨ ᠰᠠᠮᠭᠤᠨ ᠳᠠᠢ᠌ᠨ ᠡᠴᠠ ᠪᠣᠯᠵᠤ ᠶᠡᠭᠡ ᠭᠢᠩᠭ᠋ᠠᠨ ᠳᠠᠪᠠᠭᠠᠨ ᠤ ᠡᠮᠤᠨ᠎ᠡ ᠨᠡᠭᠦᠵᠤ ᠢᠷᠡᠭᠡᠳ ᠨᠤᠨ ᠮᠦᠷᠠᠨ᠂ ᠯᠢᠶᠤᠤ ᠡᡁᠧ ᠭᠤᠤᠯ ᠤᠨ ᠭᠦᠪᠠᠭᠡᠨ ᠳ᠋ᠠᠭᠢ ᠭᠠᠵᠠᠷ ᠣᠷᠤᠨ ᠶᠢᠡᠷ ᠨᠡᠭᠦᠳᠡᠯᠯᠡᠨ ᠮᠠᠯ ᠮᠠᠯᠵᠢᠵᠤ ᠪᠠᠢ᠌ᠭᠠᠤᠨ ᠢᠳᠡᠭ᠌ ᠢᠳᠡᠭ᠌ ᠶᠢᠡᠷ ᠳᠠᠠᠳᠠᠭᠢ ᠣᠷᠢᠶᠠᠩᠬᠠᠢ (ᠬᠠᠷᠠᠴᠢᠨ ᠤ ᠳᠡᠭᠡᠳᠦᠰ) ᠮᠤᠩᠭ᠋ᠤᠯᠴᠤᠳ ᠲᠡᠶ ᠨᠠᠢ᠌ᠯᠠᠵᠠᠢ᠃ ᠠᠷᠪᠠᠨ ᠶ‍ᠢᠰᠦᠳᠦᠭᠡᠷ ᠵᠠᠭᠤᠨ ᠤ ᠰᠡᠭᠦᠯᠴᠢ ᠬᠤᠷᠢᠳᠤᠭᠠᠷ ᠵᠠᠭᠤᠨ ᠤ ᠡᠭᠢᠨ ᠳᠤ ᠴᠢᠩ ᠣᠯᠤᠰ ᠤᠨ ᠨᠤᠶᠠᠷᠬᠠᠭᠴᠢᠳ 《ᠠᠷᠠᠤᠨ ᠢ ᠨᠡᠭᠦᠯᠭᠡᠨ ᠭᠢᠵᠠᠭᠠᠷ ᠢ ᠪᠠᠭᠢᠵᠢᠭᠦᠯᠭᠦ》 ᠳᠦᠷᠤ ᠶᠢᠨ ᠪᠣᠳᠤᠯᠭ᠎ᠠ ᠭᠡᠷᠡᠭ᠍ᠵᠢᠭᠦᠯᠦᠭ᠍ᠰᠡᠨ ᠡᠴᠠ ᠬᠠᠷᠠᠴᠢᠨ ᠠᠢ᠌ᠮᠠᠭ ᠤᠨ ᠥᠭᠡᠢ᠌ᠷᠡᠵᠤ ᠳᠤᠷᠣᠢ᠌ᠳᠠᠭᠰᠠᠨ ᠳᠠᠷᠢᠶᠠᠴᠢᠨ ᠮᠠᠯᠴᠢᠳ ᠬᠤᠷᠴᠢᠨ ᠨᠤᠳᠤᠭ ᠲᠤ ᠨᠡᠭᠦᠵᠤ ᠣᠷᠤᠪᠠ᠃ ᠳᠤᠬᠠᠢ ᠶᠢᠨ ᠦᠶ᠎ᠡ ᠶᠢᠨ ᠬᠤᠷᠴᠢᠨ ᠭᠦᠮᠦᠰ ᠢᠳᠡᠭ᠌ ᠢᠳᠡᠭ᠌ ᠶᠢᠡᠷ ᠮᠠᠯ ᠠᠵᠤ ᠠᠬᠤᠢ ᠪᠠᠨ ᠣᠷᠭᠢᠵᠤ᠂ ᠣᠷᠤᠨ ᠨᠤᠳᠤᠭ ᠤᠨ ᠶᠢᠡᠨ ᠪᠠᠢ᠌ᠭᠠᠯᠢ ᠶᠢᠨ ᠨᠥᠭᠦᠴᠡᠯ ᠢ ᠠᠰᠢᠭᠯᠠᠵᠤ ᠳᠠᠷᠢᠶᠠᠯᠠᠬᠤ ᠪᠣᠶᠤ ᠬᠠᠭᠠᠰ ᠳᠠᠷᠢᠶᠠᠯᠠᠵᠤ᠂ ᠬᠠᠭᠠᠰ ᠮᠠᠯᠵᠢᠬᠤ ᠣᠢ᠌ᠯᠠᠳᠪᠣᠷᠢᠯᠠᠯ ᠢ ᠡᠷᠭᠢᠯᠡᠭᠦ ᠪᠣᠯᠤᠭᠰᠠᠨ ᠶᠤᠮ᠃ ᠡᠨᠡᠭᠦ ᠰᠢᠯᠵᠢᠯᠳᠠ ᠬᠤᠪᠢᠷᠠᠯᠳᠠ ᠪᠠ ᠦᠨᠳᠦᠰᠦᠳᠠᠨ ᠨᠥᠭᠦᠤᠨ ᠤᠨ ᠰᠤᠶᠤᠯ ᠤᠨ ᠰᠤᠯᠢᠯᠴᠠᠭ᠎ᠠ ᠡᠴᠠ ᠪᠣᠯᠵᠤ ᠳᠤᠰ ᠣᠷᠤᠨ ᠤ ᠪᠣᠭᠤᠨᠢ ᠳᠠᠭᠤᠤ ᠶᠡᠭᠡ ᠪᠠᠷ ᠵᠤᠬᠢᠶᠠᠭᠳᠠᠵᠤ᠂ ᠮᠦᠨ ᠰᠠᠭᠤᠷᠢ ᠡᠴᠠ ᠪᠠᠨ ᠰᠠᠯᠪᠣᠷᠢᠯᠠᠵᠤ 《ᠥᠯᠢᠭᠡᠷᠳᠤ ᠳᠠᠭᠤᠤ》᠂ 《ᠬᠤᠭᠤᠷ ᠤᠨ ᠥᠯᠢᠭᠡᠷ》 ᠮᠠᠰᠢ ᠳᠦᠷᠭᠡᠨ ᠡᠭᠦᠰᠤᠨ ᠳᠡᠯᠭᠡᠷᠡᠪᠡ᠃ ᠳᠠᠷᠢᠶᠠᠯᠠᠬᠤ ᠠᠵᠤ ᠠᠬᠤᠢ ᠶᠢ ᠡᠷᠭᠢᠯᠡᠭ᠍ᠰᠡᠨ ᠡᠴᠠ ᠪᠣᠯᠤᠭᠠᠤᠨ ᠬᠤᠷᠴᠢᠠᠴᠤᠳ ᠰᠠᠭᠤᠷᠢᠰᠢᠵᠤ ᠡᠭᠢᠯᠡᠵᠡᠢ᠃ ᠰᠠᠭᠤᠷᠢᠰᠢᠬᠤ ᠪᠣᠯᠤᠭᠰᠠᠨ ᠬᠤᠷᠴᠢᠨ ᠮᠤᠩᠭ᠋ᠤᠯᠴᠤᠳ ᠡᠪᠦᠯ ᠤᠨ ᠣᠷᠳᠤ ᠰᠦᠨᠢ ᠶᠢ ᠬᠤᠭᠤᠷ ᠤᠨ ᠥᠯᠢᠭᠡᠷ᠂ ᠠᠷᠠᠤᠨ ᠤᠨ ᠳᠠᠭᠤᠤ ᠪᠣᠶᠤ ᠬᠤᠯᠪᠣᠭ᠎ᠠ ᠰᠤᠨᠤᠰᠤᠨ ᠥᠩᠭᠡᠷᠡᠭᠦ ᠪᠣᠯᠪᠠ᠃

ᠬᠤᠷᠴᠢᠨ ᠨᠤᠳᠤᠭ ᠤᠨ ᠤᠢ᠌ᠷ᠎ᠡ ᠶᠢᠨ ᠭᠡᠳᠤᠨ ᠵᠠᠭᠤᠭᠠᠤᠨ ᠵᠢᠯ ᠤᠨ ᠳᠡᠦᠭᠡ ᠪᠣᠯ ᠦᠨᠳᠦᠰᠦᠨ ᠳᠡᠭᠡᠨ ᠬᠠᠷᠢ ᠦᠨᠳᠦᠰᠦᠳᠠᠨ ᠤ ᠳᠠᠷᠤᠯᠠᠯ ᠤᠨ ᠳᠤᠤᠷ᠎ᠠ ᠳᠡᠯᠴᠢᠯᠡᠭ᠍ᠰᠡᠨ ᠳᠡᠦᠭᠡ ᠶᠤᠮ᠃ ᠣᠯᠤᠰ ᠳᠦᠷᠤ ᠶᠢᠨ ᠪᠠᠢ᠌ᠳᠠᠯ ᠨᠢ ᠠᠶᠤᠯ ᠳᠦᠭ᠍ᠰᠢᠭᠦᠷᠢᠳᠡᠢ᠂ ᠣᠷᠤᠭ᠎ᠠ ᠪᠣᠰᠬᠠᠭ᠎ᠠ ᠪᠠᠢ᠌ᠵᠤ᠂ ᠨᠡᠢ᠌ᠭᠡᠮ ᠤᠨ ᠵᠦᠷᠢᠴᠠᠯ ᠳᠠᠮᠠᠴᠠᠯ ᠨᠢ ᠬᠤᠷᠴᠠ ᠰᠢᠷᠦᠭᠦᠨ ᠭᠦᠡᠳᠤ ᠴᠢᠩᠭ᠎ᠠ ᠪᠠᠢ᠌ᠭᠰᠠᠨ ᠶᠤᠮ᠃ ᠠᠯᠢ ᠡᠷᠳᠡ 17 ᠳ᠋ᠤᠭᠠᠷ ᠵᠠᠭᠤᠨ ᠤ ᠡᠭᠢᠨ ᠤ ᠦᠶ᠎ᠡ ᠳᠤ ᠳᠠᠷᠤᠢ ᠮᠠᠠᠵᠤ ᠶᠢᠨ ᠨᠤᠶᠠᠷᠬᠠᠯ ᠳᠤᠤᠷ᠎ᠠ ᠣᠷᠤᠪᠠ᠃ ᠮᠠᠠᠵᠤ ᠴᠢᠩ ᠤᠨ ᠨᠤᠶᠠᠷᠬᠠᠯ ᠰᠣᠢ᠌ᠷᠠᠭᠰᠠᠨ ᠤ ᠳᠠᠷᠠᠭ᠎ᠠ᠂ ᠵᠡᠭᠦᠨ ᠬᠣᠢ᠌ᠳᠤ ᠶᠢᠨ ᠴᠡᠷᠢᠭ᠌ ᠤᠨ ᠡᠷᠭᠡᠳᠡᠨ ᠵᠠᠩ ᠽᠥᠸᠧ ᠯᠢᠨ ᠤ ᠭᠠᠷ ᠲᠤ ᠣᠷᠤᠵᠠᠢ᠃ ᠵᠠᠩ ᠽᠥᠸᠧ ᠯᠢᠨ ᠤ ᠭᠠᠷ ᠡᠴᠠ ᠠᠷᠠᠢ ᠭᠠᠷᠴᠤ ᠠᠮᠵᠢᠭ᠎ᠠ ᠦᠭᠡᠶ ᠪᠠᠷ ᠳᠠᠭᠢᠭᠠᠤᠨ ᠶᠠᠫᠣᠨ ᠡᠵᠡᠷᠭᠡᠭ᠌ ᠳᠦᠷᠢᠮᠭᠡᠢ᠌ᠳᠡᠨ ᠤ ᠬᠠᠷ᠎ᠠ ᠰᠠᠪᠠᠷ ᠲᠤ ᠠᠷᠪᠠᠨ ᠳᠦᠷᠪᠠᠨ ᠵᠢᠯ ᠳᠠᠷᠤᠯᠠᠭᠳᠠᠪᠠ᠃ ᠡᠢ᠌ᠮᠦᠷᠭᠦ ᠭᠦᠡᠳᠤ ᠰᠦᠷᠡᠭᠡᠢ ᠣᠯᠤᠰ ᠳᠦᠷᠤ ᠶᠢᠨ ᠳᠠᠷᠤᠯᠳᠠ ᠨᠢ ᠬᠤᠷᠴᠢᠨ ᠮᠤᠩᠭ᠋ᠤᠯᠴᠤᠳ ᠢ ᠡᠪᠦᠳᠦᠭ᠌ ᠨᠤᠭᠤᠷᠠᠭᠤᠯᠵᠤ ᠴᠢᠳᠠᠭᠰᠠᠨ ᠦᠭᠡᠶ᠂ ᠬᠠᠷᠢᠨ ᠡᠰᠡᠷᠭᠦᠴᠡᠯ ᠳᠠᠮᠠᠴᠠᠯ ᠤᠨ ᠡᠷᠡᠯᠭᠡᠭ᠌ ᠵᠤᠷᠢᠭ ᠢ ᠨᠢ ᠭᠦᠪᠴᠢᠯᠡᠵᠤ᠂ ᠦᠷᠪᠢᠰᠤᠨ ᠨᠤᠴᠤᠬᠤ ᠳᠠᠮᠠᠴᠠᠯ ᠤᠨ ᠭᠠᠯ ᠢ ᠨᠢ ᠳᠦᠷᠡᠯᠵᠡᠭᠦᠯᠵᠤ ᠪᠠᠢ᠌ᠪᠠ᠃ ᠡᠭᠦᠨ ᠡᠴᠠ ᠪᠣᠯᠵᠤ ᠠᠯᠢ ᠣᠯᠠᠨ ᠦᠨᠳᠦᠰᠦᠳᠠᠨ ᠤ ᠪᠠᠭᠠᠳᠤᠷ ᠴᠤᠯᠭᠤᠷᠠᠨ ᠭᠠᠷᠴᠤ ᠦᠨᠳᠦᠰᠦᠳᠠᠨ ᠤ ᠪᠣᠰᠤᠯᠭ᠎ᠠ ᠳᠠᠷᠠᠭ᠎ᠠ ᠳᠠᠷᠠᠭ᠎ᠠ ᠪᠠᠷ ᠡᠭᠦᠰᠴᠤ᠂ ᠡᠨᠡ ᠨᠢ ᠠᠷᠠᠤᠨ ᠤᠨ ᠳᠠᠭᠤᠨ ᠳᠤ ᠳᠤᠰᠬᠠᠯ ᠶᠢᠡᠨ ᠣᠯᠵᠤ᠂ ᠣᠯᠠᠨ ᠳᠤᠭᠠᠨ ᠤ ᠦᠨᠳᠦᠰᠦᠳᠠᠨ ᠤ ᠪᠠᠭᠠᠳᠤᠷ ᠢ ᠮᠠᠭᠳᠠᠨ ᠳᠠᠭᠤᠯᠠᠵᠤ ᠡᠭᠡ ᠨᠤᠳᠤᠭ ᠶᠢᠡᠨ ᠬᠠᠮᠠᠭᠠᠯᠠᠨ ᠬᠠᠷᠢ ᠶᠢᠨ ᠳᠠᠷᠤᠯᠠᠯ ᠢ ᠡᠰᠡᠷᠭᠦᠴᠡᠭ᠍ᠰᠡᠨ ᠠᠭᠤᠯᠭ᠎ᠠ ᠪᠦᠭᠦᠢ ᠳᠠᠭᠤᠤ ᠨᠤᠭᠤᠳ ᠢ ᠪᠣᠢ ᠪᠣᠯᠭᠠᠵᠠᠢ᠃ ᠡᠳᠡᠭᠡᠷ ᠳᠠᠭᠤᠤ ᠨᠢ ᠪᠦᠷ ᠦᠨᠳᠦᠰᠦᠳᠠᠨ ᠤ ᠪᠣᠰᠤᠯᠭ᠎ᠠ ᠪᠠ ᠦᠨᠳᠦᠰᠦᠳᠠᠨ ᠤ ᠪᠠᠭᠠᠳᠤᠷ ᠡᠴᠡ ᠳᠤᠯᠭᠠᠭᠤᠷᠢᠯᠠᠭᠳᠠᠵᠤ ᠵᠤᠬᠢᠶᠠᠭᠳᠠᠭᠰᠠᠨ ᠪᠣᠯᠬᠤᠷ ᠣᠯᠠᠩᠭᠢ ᠨᠢ ᠬᠠᠭᠤᠳᠠᠰᠤ ᠭᠡᠮᠵᠢᠶ᠎ᠡ ᠪᠠᠷ ᠣᠷᠳᠤ᠂ ᠠᠭᠤᠯᠭ᠎ᠠ ᠪᠠᠷ ᠪᠠᠶᠠᠯᠢᠭ ᠪᠦᠭᠡᠳ ᠥᠯᠢᠭᠡᠷᠳᠤ ᠴᠢᠨᠠᠷ ᠶᠢᠡᠷ ᠴᠢᠩᠭ᠎ᠠ ᠵᠡᠷᠭᠡ ᠣᠠᠴᠠᠯᠢᠭ ᠢ ᠬᠠᠳᠠᠭᠠᠯᠠᠪᠠ᠃ 《ᠭᠠᠳᠠ ᠮᠠᠢ᠌ᠷᠠᠨ ᠤ ᠳᠠᠭᠤᠤ》᠂ 《ᠵᠤᠷᠢᠭᠳᠤ ᠪᠠᠭᠠᠳᠤᠷ ᠳᠤᠭᠳᠠᠬᠤ》᠂ 《ᠪᠢᠩᠳᠤ ᠸᠠᠩ》᠂ 《ᠪᠠᠯᠵᠢᠨᠢᠮ᠎ᠠ ᠵᠠᠭᠠᠨ᠎ᠠ》 ᠁ ᠭᠡᠭᠦ ᠮᠠᠳᠤ ᠳᠠᠭᠤᠤ ᠪᠣᠯ ᠪᠦᠷ ᠯᠠ ᠡᠢ᠌ᠮᠦᠷᠭᠦ ᠠᠭᠤᠯᠭ᠎ᠠ ᠭᠡᠯᠪᠠᠷᠢᠳᠡᠢ ᠶᠤᠮ᠃ ᠡᠭᠦᠨ ᠳᠤ᠂ ᠳᠠᠮᠠᠴᠠᠯ ᠤᠨ ᠳᠤᠮᠳᠠᠭᠢ ᠡᠰᠡᠷᠭᠦ ᠳᠠᠯ᠎ᠠ ᠶᠢᠨ ᠭᠦᠴᠤᠨ ᠨᠢ ᠳᠤᠩ ᠳᠠᠪᠠᠭᠤ ᠪᠠᠢ᠌ᠳᠠᠭ ᠣᠴᠢᠷ ᠡᠴᠠ ᠣᠯᠠᠩᠭᠢ ᠳᠠᠮᠠᠴᠠᠯ ᠨᠢ ᠦᠨᠳᠦᠰᠦᠳᠠᠨ ᠤ ᠪᠠᠭᠠᠳᠤᠷ ᠤᠨ ᠢᠯᠠᠭᠳᠠᠯ ᠶᠢᠡᠷ ᠳᠡᠭᠦᠰᠴᠤ ᠪᠠᠢ᠌ᠪᠠ᠃ ᠡᠢ᠌ᠮᠤ ᠡᠴᠠ ᠡᠳᠡᠭᠡᠷ ᠠᠷᠠᠤᠨ ᠤᠨ ᠳᠠᠭᠤᠤ ᠨᠢ ᠨᠢᠭᠡ ᠳᠠᠯ᠎ᠠ ᠪᠠᠷ ᠪᠠᠭᠠᠳᠤᠷ ᠭᠦᠮᠦᠰ ᠤᠨ ᠡᠷᠡᠯᠭᠡᠭ᠌ ᠳᠠᠮᠠᠴᠠᠯ ᠳᠤ ᠰᠠᠭᠤᠷᠢᠯᠠᠭᠳᠠᠭᠰᠠᠨ ᠪᠣᠯᠬᠤᠷ ᠰᠦᠷ ᠵᠢᠪᠬᠤᠭᠠᠳᠤ ᠠᠶᠠᠰ ᠢ ᠪᠦᠷᠢᠯᠳᠦᠭᠦᠯᠵᠤ᠂ ᠨᠥᠭᠦᠭᠡ ᠳᠠᠯ᠎ᠠ ᠪᠠᠷ ᠡᠳᠡᠭᠡᠷ ᠪᠠᠭᠠᠳᠤᠷ ᠭᠦᠮᠦᠰ ᠤᠨ ᠭᠤᠨᠢᠭᠳᠤ ᠳᠡᠭᠦᠰᠭᠡᠯ ᠳᠤ ᠨᠥᠯᠦᠭᠡᠯᠡᠭ᠍ᠳᠡᠨ ᠭᠤᠨᠢᠭ ᠣᠶᠠᠷᠠᠭᠤᠨ ᠠᠶᠠᠰ ᠢ ᠴᠢᠪᠬᠠᠳᠠᠭᠰᠠᠨ ᠪᠢᠯᠠ. ᠡᠢ᠌ᠮᠤ ᠡᠴᠠ ᠪᠠᠨ ᠤᠢ᠌ᠷ᠎ᠡ ᠣᠷᠴᠢᠨ ᠦᠶ᠎ᠡ ᠶᠢᠨ ᠬᠤᠷᠴᠢᠨ ᠠᠷᠠᠤᠨ ᠤᠨ ᠳᠠᠭᠤᠤ ᠨᠢ ᠣᠶᠠᠷᠠᠭᠤᠨ ᠵᠢᠪᠬᠤᠯᠠᠩᠳᠤ ᠭᠦᠭ᠌ ᠠᠶᠠᠰ ᠶᠢᠡᠷ ᠦᠨᠳᠦᠰᠦᠨ ᠭᠦᠭ᠌ ᠠᠢ᠌ᠵᠢᠮ ᠶᠢᠡᠨ ᠪᠣᠯᠭᠠᠵᠤ ᠪᠣᠭᠤᠨᠢ ᠠᠶ᠎ᠠ ᠲᠡᠶ ᠪᠣᠯᠤᠭᠰᠠᠨ ᠪᠠᠢ᠌ᠳᠠᠭ᠃

ᠠᠯᠠᠱᠠ ᠨᠤᠳᠤᠭ ᠪᠣᠯ ᠠᠯᠠᠱᠠ ᠠᠭᠤᠯᠠ ᠶᠢᠨ ᠪᠠᠷᠠᠭᠤᠨ ᠪᠠᠶ᠎ᠠ ᠪᠠᠷ ᠰᠠᠭᠤᠷᠢᠰᠢᠵᠤ᠂ ᠡᠯᠡᠰᠤ ᠮᠠᠩᠬ᠎ᠠ ᠶᠡᠭᠡ᠃ 12 ᠳ᠋ᠤᠭᠠᠷ ᠵᠠᠭᠤᠨ ᠤ ᠡᠭᠢ ᠪᠠᠷ ᠮᠤᠩᠭ᠋ᠤᠯᠴᠤᠳ ᠡᠭᠢᠯᠡᠵᠤ ᠨᠤᠳᠤᠭᠰᠢᠵᠤ ᠪᠠᠢ᠌ᠪᠠ᠃ ᠰᠡᠭᠦᠯ ᠳ᠋ᠤᠨᠢ ᠪᠠᠰᠠ ᠴᠢᠩ ᠣᠯᠤᠰ ᠤᠨ ᠠᠳᠤᠭᠤ ᠮᠠᠯᠵᠢᠬᠤ ᠳᠠᠯᠠᠪᠠᠢ ᠪᠠᠢ᠌ᠵᠤ ᠥᠩᠭᠡᠷᠡᠪᠡ᠃ ᠨᠢᠭᠡ ᠮᠢᠩᠭ᠎ᠠ ᠵᠢᠷᠭᠤᠭᠠᠨ ᠵᠠᠭᠤ ᠨᠠᠶᠠᠨ ᠵᠢᠷᠭᠤᠭᠠᠨ ᠣᠨ ᠳᠤ ᠤᠢ᠌ᠷᠠᠤᠨ ᠮᠤᠩᠭ᠋ᠤᠯᠴᠤᠳ ᠳᠤᠳᠤᠷ᠎ᠠ ᠵᠠᠭᠤᠷ᠎ᠠ ᠪᠠᠨ ᠵᠦᠷᠢᠴᠠᠯ ᠭᠠᠷᠤᠭᠠᠤᠨ ᠨᠢᠭᠡ ᠪᠦᠯᠦᠭ᠌ ᠤᠢ᠌ᠷᠠᠳᠴᠤᠳ ᠵᠡᠭᠦᠡᠰᠢ ᠰᠢᠯᠵᠢᠭᠡᠳ ᠠᠯᠠᠱᠠ ᠣᠷᠤᠨ ᠳᠤ ᠢᠷᠠᠵᠤ ᠮᠠᠯ ᠮᠠᠯᠵᠢᠨ ᠠᠮᠢᠳᠤᠷᠠᠵᠤ ᠰᠠᠭᠤᠪᠠ᠃ ᠠᠯᠠᠱᠠ ᠠᠭᠤᠯᠠ ᠪᠠᠷ ᠨᠡᠷᠡᠢ᠌ᠳᠦᠭ᠍ᠰᠡᠨ ᠠᠯᠠᠱᠠ ᠬᠤᠰᠢᠭᠤ ᠪᠣᠯ ᠳᠤᠬᠠᠢ ᠶᠢᠨ ᠦᠶ᠎ᠡ ᠶᠢᠨ ᠴᠢᠩ ᠣᠯᠤᠰ ᠤᠨ ᠰᠢᠭᠤᠳ ᠬᠠᠷᠢᠶ᠎ᠠ ᠬᠤᠰᠢᠭᠤ ᠪᠠᠢ᠌ᠭᠰᠠᠨ ᠪᠦᠭᠡᠳ ᠣᠤᠯ ᠡᠴᠠ ᠪᠠᠨ ᠰᠢᠷ᠎ᠠ ᠶᠢᠨ ᠱᠠᠰᠢᠨ ᠬᠠᠮᠳᠤᠷᠠᠭᠰᠠᠨ ᠬᠤᠰᠢᠭᠤ ᠶᠤᠮ᠃ ᠡᠨᠡᠭᠦ ᠪᠠᠢ᠌ᠳᠠᠯ ᠨᠢ ᠳᠤᠰ ᠣᠷᠤᠨ ᠤ ᠰᠤᠶᠤᠯ ᠣᠷᠠᠯᠢᠭ᠂ ᠢᠯᠠᠩᠭ᠋ᠤᠶ᠎ᠠ ᠠᠷᠠᠤᠨ ᠤᠨ ᠳᠠᠭᠤᠤ ᠳᠤ ᠮᠠᠰᠢ ᠶᠡᠭᠡ ᠨᠥᠯᠦᠭᠡ ᠥᠵᠡᠭᠦᠯᠪᠡ᠃ ᠳᠠᠭᠢᠪᠠᠯ ᠪᠠᠰᠠ ᠠᠯᠠᠱᠠ ᠨᠤᠳᠤᠭ ᠥᠭ᠍‍ᠭᠢᠶᠡᠮᠦᠷ ᠣᠷᠳᠤ ᠬᠠᠳᠤᠨ ᠭᠤᠤᠯ ᠢ ᠠᠷᠤᠯᠠᠵᠤ᠂ ᠦᠨᠳᠦᠷ ᠰᠦᠷᠯᠢᠭ᠌ ᠠᠯᠠᠱᠠ ᠬᠠᠢ᠌ᠷᠠᠬᠠᠨ ᠶᠢᠡᠨ ᠪᠠᠷᠠᠯᠠᠨ᠂ ᠠᠭᠤᠳᠠᠮ ᠳᠡᠨᠢᠭᠡᠷ ᠭᠤᠪᠢ ᠬᠠᠩᠭ᠋ᠠᠢ ᠳᠤ ᠣᠷᠤᠰᠢᠵᠤ᠂ ᠬᠣᠢ᠌ᠰᠢ ᠮᠤᠩᠭ᠋ᠤᠯ ᠣᠯᠤᠰ ᠲᠡᠶ ᠵᠠᠬ᠎ᠠ ᠨᠠᠢ᠌ᠯᠠᠵᠤ᠂ ᠵᠡᠭᠦᠡᠰᠢ ᠣᠷᠳᠤᠰ ᠲᠡᠶ ᠨᠤᠳᠤᠭ ᠨᠠᠢ᠌ᠯᠠᠵᠤ ᠪᠠᠢ᠌ᠭ᠎ᠠ ᠣᠴᠢᠷ ᠡᠴᠠ ᠣᠤᠯ ᠤᠨ ᠤᠢ᠌ᠷᠠᠤᠨ ᠭᠠᠷᠤᠯ ᠲᠡᠶ ᠠᠷᠠᠤᠨ ᠤᠨ ᠳᠠᠭᠤᠤ ᠳᠤ ᠡᠳᠦᠢ ᠳᠠᠳᠤᠢ ᠰᠢᠨ᠎ᠡ ᠥᠩᠭᠡ ᠠᠶᠠᠰ ᠣᠷᠤᠭᠤᠯᠵᠤ᠂ ᠳᠠᠭᠤᠤ ᠭᠦᠭ᠍ᠵᠢᠮ ᠤᠨ ᠭᠡᠪ ᠨᠠᠮᠪᠠ ᠨᠢ ᠦᠨᠳᠦᠷ ᠬᠠᠩᠭᠢᠨᠠᠮ᠎ᠠ᠂ ᠣᠷᠳᠤ ᠤᠶᠠᠩ‍ᠭ᠎ᠠ ᠲᠡᠶ ᠪᠠᠢ᠌ᠵᠤ᠂ ᠠᠭᠤᠳᠠᠮ ᠳᠡᠨᠢᠭᠡᠷ ᠪᠠᠢ᠌ᠭᠠᠯᠢ ᠶᠢᠨ ᠠᠬᠤᠢ ᠪᠠᠢ᠌ᠳᠠᠯ ᠤᠨ ᠰᠢᠠᠵᠢ ᠴᠢᠨᠠᠷ ᠢ ᠪᠢᠯᠬᠠᠮ᠎ᠠ ᠬᠠᠳᠠᠭᠠᠯᠠᠭᠰᠠᠨ ᠪᠠᠢ᠌ᠳᠠᠭ᠃ ᠳᠠᠢ᠌ᠮᠤ ᠡᠴᠠ ᠪᠠᠢ᠌ᠭᠠᠯᠢ ᠶᠢᠨ ᠣᠷᠴᠢᠨ ᠳᠤᠭᠤᠷᠢᠨ ᠪᠠ ᠡᠷᠳᠡᠨ ᠤ ᠰᠤᠶᠤᠯ ᠵᠢᠴᠢ ᠹᠧᠤᠳᠠᠯ ᠳᠠᠪᠬᠤᠷᠭᠠᠳᠠᠨ ᠤ ᠰᠠᠨᠠᠭᠠᠴᠢᠯᠠᠭ᠎ᠠ ᠰᠤᠷᠳᠠᠯᠴᠢᠯᠠᠭ᠎ᠠ ᠡᠴᠠ ᠪᠣᠯᠵᠤ᠂ ᠠᠯᠠᠱᠠ ᠳᠤ ᠣᠷᠳᠤ ᠶᠢᠨ ᠳᠠᠭᠤᠤ ᠨᠢ ᠬᠠᠮᠤᠭ ᠡᠷᠭᠢᠮᠰᠦᠭ᠌ ᠪᠠᠢ᠌ᠷᠢ ᠶᠢ ᠡᠵᠡᠯᠡᠨ᠂ ᠳᠦᠷᠤ ᠶᠤᠰᠤᠯᠠᠯ᠂ ᠳᠠᠭᠢᠯ ᠳᠠᠢ᠌ᠯᠠᠯᠭ᠎ᠠ᠂ ᠮᠠᠭᠳᠠᠭᠠᠯ ᠭᠦᠨᠳᠦᠳᠭᠡᠯ ᠤᠨ ᠠᠯᠢᠪᠠ ᠣᠤᠠᠬ᠎ᠠ ᠠᠭᠤᠯᠭ᠎ᠠ ᠨᠢ ᠪᠦᠷ ᠯᠠ ᠣᠷᠳᠤ ᠠᠶ᠎ᠠ ᠲᠡᠶ᠂ ᠴᠢᠯᠦᠭᠡᠳᠤ ᠤᠶᠠᠩ‍ᠭ᠎ᠠ ᠲᠡᠶ ᠳᠠᠭᠤᠤ ᠨᠢ ᠭᠤᠤᠯ ᠪᠠᠢ᠌ᠷᠢ ᠶᠢ ᠡᠵᠡᠯᠡᠨ᠎ᠡ᠃ ᠠᠯᠠᠱᠠ ᠨᠤᠳᠤᠭ ᠪᠠᠰᠠ ᠮᠠᠨ ᠤ ᠣᠯᠤᠰ ᠤᠨ ᠳᠡᠦᠭᠡᠨ ᠳᠡᠭᠡᠷᠡᠭᠢ ᠣᠯᠠᠨ ᠣᠳᠠᠭᠠᠨ ᠤ ᠳᠠᠢ᠌ᠨ ᠤ ᠭᠠᠯ ᠳᠤ ᠰᠢᠳᠠᠭᠳᠠᠭᠰᠠᠨ ᠭᠠᠮᠰᠢᠭᠳᠤ ᠣᠷᠤᠨ ᠤ ᠨᠢᠭᠡ ᠪᠣᠯᠬᠤ ᠶᠤᠮ᠃ ᠳᠡᠦᠭᠡᠨ ᠮᠠᠲ᠋ᠸᠷᠢᠶᠠᠯ ᠡᠴᠠ ᠦᠵᠡᠪᠠᠯ᠂ ᠠᠯᠢ ᠡᠷᠳᠡ ᠾᠦᠩᠨᠦ ᠡᠴᠠ ᠡᠭᠢᠯᠡᠭᠡᠳ ᠭᠡᠳᠤᠨ ᠮᠢᠩᠭ᠋ᠠᠨ ᠵᠢᠯ ᠤᠨ ᠳᠤᠷᠰᠢ ᠡᠨᠡ ᠨᠤᠳᠤᠭ ᠲᠤ ᠳᠠᠢ᠌ᠨ ᠳᠠᠵᠢᠨ ᠶᠠᠷᠤ ᠳᠠᠰᠤᠷᠠᠭᠰᠠᠨ ᠦᠭᠡᠶ᠂ ᠢᠯᠠᠩᠭ᠋ᠤᠶ᠎ᠠ ᠮᠤᠩᠭ᠋ᠤᠯ ᠤᠨ ᠬᠠᠭᠠᠠᠳᠤ ᠣᠯᠤᠰ ᠡᠴᠠ ᠬᠣᠢ᠌ᠰᠢ ᠳᠤᠰ ᠨᠤᠳᠤᠭ ᠣᠮᠠᠷᠠᠳᠤ ᠶᠤᠸᠠᠨ ᠪᠠ ᠮᠢᠩ ᠭᠦᠷᠤᠨ᠂ ᠮᠠᠠᠵᠤ ᠪᠠ ᠵᠦᠩᠭ᠋ᠠᠷᠴᠤᠳ ᠵᠡᠷᠭᠡ ᠣᠯᠠᠨ ᠣᠯᠤᠰ ᠦᠨᠳᠦᠰᠦᠳᠠᠨ ᠤ ᠬᠠᠷᠢᠯᠴᠠᠨ ᠳᠠᠢ᠌ᠳᠤᠬᠤ ᠭᠢᠳᠤᠯᠭ᠎ᠠ ᠶᠢᠨ ᠳᠠᠯᠠᠪᠣᠷ ᠪᠣᠯᠵᠠᠢ᠃ ᠡᠨᠡ ᠮᠠᠳᠤ ᠦᠷᠦᠭᠦᠯᠵᠢᠯᠡᠭ᠍ᠰᠡᠨ ᠳᠠᠢ᠌ᠨ ᠳᠠᠵᠢᠨ ᠨᠢ ᠠᠯᠠᠱᠠ ᠮᠤᠩᠭ᠋ᠤᠯᠴᠤᠳ ᠢ ᠥᠭᠦᠯ ᠤᠨ ᠳᠠᠪᠠᠭ᠎ᠠ ᠣᠷᠤᠭᠤ ᠲᠦᠯᠭᠢᠵᠤ᠂ ᠴᠢᠰᠤ ᠨᠢᠯᠪᠣᠰᠤ ᠪᠠᠷ ᠳᠡᠪᠳᠦᠭᠡᠵᠤ ᠪᠠᠢ᠌ᠭᠰᠠᠨ ᠶᠤᠮ᠃ ᠡᠨᠡ ᠭᠤᠨᠢᠭᠳᠤ ᠪᠠᠢ᠌ᠳᠠᠯ ᠨᠢ ᠠᠯᠠᠱᠠ ᠠᠷᠠᠤᠨ ᠤᠨ ᠳᠠᠭᠤᠤ ᠳᠤ ᠳᠤᠩ ᠠᠮᠢᠳᠤᠯᠢᠭ ᠪᠠᠷ ᠵᠢᠷᠤᠭᠯᠠᠭᠳᠠᠨ ᠳᠤᠰᠬᠠᠭᠳᠠᠪᠠ᠃ ᠳᠠᠷᠠ ᠨᠢ ᠰᠡᠳᠬᠢᠯᠭᠡ ᠭᠦᠡᠵᠡᠭᠡᠢ᠂ ᠭᠡᠯᠡᠯᠭᠡ ᠣᠷᠤᠰᠤᠮ᠎ᠠ᠂ ᠠᠶᠠᠯᠭᠤ ᠶᠢᠨ ᠳᠠᠯ᠎ᠠ ᠪᠠᠷ ᠭᠦᠭ᠍ᠵᠢᠨ ᠳᠡᠭ᠍ᠵᠢᠨ᠂ ᠪᠣᠭᠤᠨᠢ ᠪᠣᠷᠤᠭᠵᠢᠭᠤᠨ ᠰᠢᠠᠵᠢ ᠶᠢ ᠴᠤ ᠢᠯᠡᠷᠡᠭᠦᠯᠳᠡᠭ᠌᠃ ᠡᠨᠡ ᠨᠢ ᠠᠯᠠᠱᠠ ᠠᠷᠠᠤᠨ ᠤᠨ ᠳᠠᠭᠤᠤ ᠳᠤ ᠪᠣᠭᠤᠨᠢ ᠠᠶ᠎ᠠ ᠲᠡᠶ ᠳᠠᠭᠤᠤ ᠪᠠᠢ᠌ᠬᠤ ᠭᠡᠰᠡᠨ ᠢ ᠬᠠᠷᠠᠭᠤᠯᠵᠤ ᠪᠣᠢ᠃


ᠬᠤᠶᠠᠷ᠂ ᠹᠧᠥᠳᠠᠯ ᠤᠨ ᠶᠤᠰᠤ ᠰᠤᠷᠳᠠᠬᠤᠨ ᠪᠠ ᠰᠢᠷ᠎ᠠ ᠶᠢᠨ ᠱᠠᠰᠢᠨ ᠤ ᠬᠠᠭᠤᠷᠮᠠᠭ ᠴᠢᠨᠠᠷ ᠢ ᠢᠯᠡᠴᠢᠯᠡᠭ᠍ᠰᠡᠨ ᠳᠠᠯ᠎ᠠ ᠪᠠᠷ᠂ ᠬᠤᠶᠠᠷ ᠣᠷᠤᠨ ᠤ ᠠᠷᠠᠤᠨ ᠤᠨ ᠳᠠᠭᠤᠤ ᠨᠢ ᠲᠦᠰᠤᠳᠠᠢ ᠳᠠᠯ᠎ᠠ ᠪᠣᠢ


ᠹᠧᠥᠳᠠᠯ ᠤᠨ ᠨᠤᠶᠠᠷᠬᠠᠭᠴᠢᠳ ᠦᠪᠡᠷ ᠤᠨ ᠶᠢᠡᠨ ᠠᠰᠢᠭ ᠳᠤᠰᠠ ᠶᠢᠨ ᠡᠭᠦᠳᠡᠨ ᠡᠴᠠ ᠪᠠᠯᠠᠮᠠᠤᠨ ᠭᠡᠷᠴᠡᠭᠡᠢ ᠵᠢᠷᠤᠮ ᠭᠤᠷᠢᠮ ᠢ ᠳᠤᠭᠳᠠᠭᠠᠵᠤ᠂ ᠠᠷᠠᠤᠨ ᠲᠦᠮᠡᠨ ᠤ ᠣᠶᠤᠨ ᠰᠠᠨᠠᠭ᠎ᠠ ᠶᠢ ᠪᠣᠭᠤᠮᠢᠯᠠᠵᠤ᠂ ᠶᠠᠩᠵᠤ ᠪᠦᠷᠢ ᠪᠠᠷ ᠳᠠᠷᠴᠢᠯᠭᠠᠨ ᠵᠤᠪᠠᠭᠠᠵᠤ ᠪᠠᠢ᠌ᠯ᠎ᠠ᠃ ᠡᠭᠦᠨ ᠳᠤ ᠶᠠᠭᠤᠨ ᠤ ᠡᠮᠤᠨ᠎ᠡ᠂ ᠹᠧᠤᠳᠠᠯ ᠶᠤᠰᠤᠨ ᠤ ᠳᠤᠤᠷᠠᠭᠢ ᠦᠢ᠌ ᠣᠯᠠᠨ ᠵᠠᠯᠠᠭᠤ ᠭᠡᠦᠭᠡᠡᠴᠦᠳ᠂ ᠦᠪᠡᠷ ᠤᠨ ᠠᠯᠢᠪᠠ ᠰᠠᠢ᠌ᠨ ᠰᠠᠢ᠌ᠬᠠᠨ ᠶᠢᠡᠨ ᠡᠵᠡᠨ ᠮᠡᠳᠡᠭᠦ ᠡᠷᠭᠡ ᠦᠭᠡᠶ ᠪᠠᠢ᠌ᠭᠰᠠᠨ ᠹᠧᠥᠳᠠᠯ ᠤᠨ ᠣᠷᠤᠭ ᠤᠨ ᠬᠠᠷᠭᠢᠰ ᠬᠠᠷᠠᠩᠭ᠋ᠤᠢ ᠶᠢ ᠰᠢᠭᠦᠮᠵᠢᠯᠡᠨ ᠪᠣᠷᠤᠭᠤᠰᠢᠶᠠᠭᠰᠠᠨ ᠳᠠᠯ᠎ᠠ ᠪᠠᠷ ᠬᠤᠶᠠᠷ ᠣᠷᠤᠨ ᠤ ᠠᠷᠠᠤᠨ ᠤᠨ ᠳᠠᠭᠤᠤ ᠳᠤ ᠴᠦᠮ ᠠᠳᠠᠯᠢ ᠪᠠᠷ ᠢᠯᠠ ᠳᠤᠳᠤ ᠳᠤᠰᠬᠠᠭᠳᠠᠪᠠ᠃

ᠡᠭᠦᠨ ᠳᠤ ᠬᠤᠷᠴᠢᠨ ᠠᠷᠠᠤᠨ ᠳᠠᠭᠤᠤ 《ᠬᠠᠨ ᠰᠢᠤ ᠶ‍ᠢᠩ》᠂ 《ᠯᠦᠩᠮᠸᠢ》᠂ 《ᠰᠠᠯᠵᠢᠳ》᠂ 《ᠳᠤᠭᠤᠷ᠎ᠠ》 ᠁ ᠮᠠᠳᠤ ᠶᠢᠨ ᠬᠤᠳᠠᠯᠳᠤᠭᠠᠨ ᠤ ᠣᠷᠤᠭ ᠢ ᠡᠰᠡᠷᠭᠦᠴᠡᠵᠤ᠂ ᠴᠢᠯᠦᠭᠡᠳᠤ ᠢᠨᠠᠭ ᠳᠤᠷᠠᠯᠠᠯ ᠢ ᠭᠦᠰᠡᠨ ᠡᠷᠡᠮᠡᠯᠵᠡᠭ᠍ᠰᠡᠨ ᠠᠭᠤᠯᠭ᠎ᠠ ᠪᠦᠭᠦᠢ ᠳᠠᠭᠤᠤ ᠠᠷᠪᠢᠨ ᠪᠠᠢ᠌ᠨ᠎ᠠ᠃ ᠡ᠊ᠨᠳᠡ 《ᠰᠠᠯᠵᠢᠳ》 ᠭᠡᠭᠦ ᠳᠠᠭᠤᠨ ᠤ ᠥᠭᠡ ᠡᠴᠠ ᠰᠡᠢ᠌ᠷᠡᠭᠦᠯᠪᠠᠯ᠄

ᠠᠯᠳᠠ ᠮᠦᠩᠭᠦ ᠶᠢ ᠨᠢ ᠠᠪᠣᠭᠠᠤᠨ

ᠠᠪᠳᠠᠷ᠎ᠠ ᠬᠤᠷᠭᠤ ᠴᠢᠨᠢ ᠳᠦᠭᠦᠷᠦᠭ᠍ᠰᠡᠨ ᠦᠦ ᠳ᠋ᠧ

ᠠᠩᠭ᠎ᠠ ᠪᠠᠨ ᠰᠠᠯᠵᠢᠳ ᠢ ᠦᠭ‍ᠭᠦᠭᠡᠳ

ᠠᠪᠣ ᠶᠢᠨ ᠮᠢᠨᠢ ᠰᠡᠳᠭᠢᠯ ᠠᠮᠤᠷᠪᠠ ᠦᠦ ᠳ᠋ᠧ ᠭᠡᠵᠤ ᠰᠠᠯᠵᠢᠳ ᠭᠡᠦᠭᠡᠨ ᠢ ᠠᠪᠣ ᠡᠵᠢ ᠨᠢ ᠥᠳᠡᠯᠦᠭᠡ ᠨᠠᠰᠤ ᠲᠡᠶ᠂ ᠪᠠᠶ᠎ᠠ ᠮᠠᠭᠤᠳᠠᠢ ᠯᠢᠤ ᠰᠥᠸᠧ ᠶᠢᠨ ᠠᠯᠳᠠ ᠮᠦᠩᠭᠦᠨ ᠳᠤ ᠳᠤᠷᠠᠯᠠᠭᠠᠤᠨ᠂ ᠠᠯᠪᠠᠳᠠᠵᠤ ᠪᠠᠢ᠌ᠭᠠᠤᠨ ᠪᠣᠭᠳᠠᠯᠠᠵᠤ ᠦᠭ‍ᠭᠦᠭ᠍ᠰᠡᠨ ᠳᠤ ᠰᠠᠯᠵᠢᠳ ᠡᠴᠠ ᠭᠤᠳᠤᠷᠠᠵᠤ ᠭᠤᠮᠤᠷᠠᠭᠰᠠᠨ᠂ ᠦᠪᠡᠷ ᠤᠨ ᠴᠠᠪᠠᠷ ᠳᠤᠷᠠᠯᠠᠯ ᠢ ᠭᠦᠰᠡᠭ᠍ᠰᠡᠨ ᠰᠡᠳᠬᠢᠯᠭᠡ ᠪᠠᠨ ᠢᠯᠡᠳᠭᠡᠨ ᠳᠠᠭᠤᠯᠠᠭᠰᠠᠨ ᠪᠠᠢ᠌ᠨ᠎ᠠ᠃ ᠡᠭᠦᠨ ᠤ ᠵᠡᠷᠭᠡᠴᠡᠪᠠᠷ᠂ ᠠᠯᠠᠱᠠ ᠠᠷᠠᠤᠨ ᠤᠨ ᠳᠠᠭᠤᠤ 《ᠠᠴᠢᠳᠠᠢ ᠠᠪᠣ ᠮᠢᠨᠢ》 ᠭᠡᠰᠡᠨ ᠳᠠᠭᠤᠤ ᠳᠤ᠄

ᠠᠵᠢᠨᠠᠨ ᠠᠵᠢᠨᠠᠨ ᠠᠴᠢᠳᠠᠢ ᠠᠪᠣ

ᠠᠶᠠᠨ ᠤ ᠬᠤᠯᠠ ᠳᠠᠭᠠᠨ ᠥᠭ᠍ᠳᠡᠭ᠌ ᠴᠤ ᠠᠪᠣ᠃

ᠠᠪᠳᠠᠷ᠎ᠠ ᠳᠦᠭᠦᠷᠡᠩ ᠠᠯᠳᠠᠨ ᠳ᠋ᠤᠨᠢ ᠪᠣᠯᠪᠠᠤ︖

ᠠᠢ᠌ᠮᠠᠭ ᠶᠢᠡᠷ ᠳᠤᠭᠤᠭᠰᠠᠨ ᠠᠳᠤᠭᠤᠨ ᠳ᠋ᠤᠨᠢ ᠪᠣᠯᠪᠠᠤ︖

ᠰᠥᠭᠡ ᠪᠠᠷ ᠳᠠᠪᠳᠠᠭᠰᠠᠨ ᠮᠦᠩᠭᠦᠨ ᠳ᠋ᠤᠨᠢ ᠪᠣᠯᠪᠠᠤ︖

ᠰᠦᠷᠦᠭ᠌ ᠶᠢᠡᠷ ᠳᠤᠭᠤᠭᠰᠠᠨ ᠮᠠᠯ ᠳ᠋ᠤᠨᠢ ᠪᠤᠯᠪᠠᠤ︖ ᠭᠡᠵᠤ ᠳᠠᠭᠤᠯᠠᠭᠠᠤᠨ ᠠᠪᠣ ᠡᠵᠢ ᠪᠣᠯᠤᠭᠰᠠᠤᠨ ᠠᠯᠳᠠ ᠮᠦᠩᠭᠦ᠂ ᠡᠳ᠋ ᠭᠦᠷᠦᠩᠭᠡ ᠳ᠋ᠤᠨᠢ ᠳᠤᠷᠠᠯᠠᠭᠠᠤᠨ᠂ ᠭᠡᠦᠭᠡᠨ ᠤ ᠪᠠᠨ ᠵᠤᠪᠠᠭᠤᠷᠢ ᠵᠥᠳᠡᠭᠦᠷᠢ ᠶᠢ ᠬᠠᠮᠢᠶᠠᠷᠤᠯ ᠦᠭᠡᠶ ᠪᠠᠷ ᠳᠡᠷᠳᠡᠭᠡ ᠬᠤᠯᠠ ᠬᠤᠳᠠᠯᠳᠤᠨ ᠶᠠᠪᠣᠭᠤᠯᠤᠭᠰᠠᠨ ᠬᠠᠷᠠᠰᠠᠯᠳᠠᠢ ᠶᠠᠪᠣᠳᠠᠯ ᠢ ᠦᠨᠡᠨ ᠪᠣᠳᠠᠳᠠᠢ ᠪᠠᠷ ᠢᠯᠡᠷᠡᠭᠦᠯᠤᠨ ᠳᠡᠯᠭᠡᠵᠤ᠂ ᠹᠧᠥᠳᠠᠯ ᠤᠨ ᠣᠷᠤᠭ ᠤᠨ ᠬᠠᠷᠠᠩᠭ᠋ᠤᠢ ᠳᠠᠯ᠎ᠠ ᠶᠢ ᠪᠣᠷᠤᠭᠤᠰᠢᠶᠠᠨ ᠰᠢᠭᠦᠮᠵᠢᠯᠡᠭ᠍ᠰᠡᠨ ᠪᠠᠢ᠌ᠨ᠎ᠠ᠃

ᠬᠤᠷᠴᠢᠨ ᠠᠷᠠᠤᠨ ᠤᠨ ᠳᠠᠭᠤᠤ ᠳᠤ ᠳᠤᠬᠠᠢ ᠶᠢᠨ ᠨᠡᠢ᠌ᠭᠡᠮ ᠤᠨ ᠰᠢᠷ᠎ᠠ ᠶᠢᠨ ᠱᠠᠰᠢᠨ ᠤ ᠯᠠᠮᠠ ᠬᠤᠸᠠᠷᠠᠭ ᠨᠡᠷ ᠤᠨ ᠢᠯᠵᠠᠷᠠᠨ ᠳᠤᠷᠣᠢ᠌ᠳᠠᠵᠤ᠂ ᠱᠠᠰᠢᠨ ᠤ ᠬᠤᠷᠢᠭ᠎ᠠ ᠴᠡᠭᠡᠷ ᠦᠭᠡᠶ ᠪᠣᠯᠵᠤ᠂ ᠰᠦᠮ᠎ᠡ ᠭᠡᠢ᠌ᠤᠨ ᠡᠴᠠ ᠪᠠᠨ ᠰᠠᠯᠵᠤ᠂ ᠠᠪᠠᠬᠠᠢ ᠭᠡᠦᠭᠡᠨ ᠡᠷᠭᠢᠭᠦᠯᠵᠤ ᠭᠦᠶ‍ᠦᠭ᠍ᠰᠡᠨ᠂ ᠢᠯᠵᠠᠷᠠᠮᠠᠯ ᠱᠠᠯᠢᠭ ᠵᠠᠪᠠᠬᠠᠢ ᠠᠮᠢᠳᠤᠷᠠᠯ ᠢ ᠬᠤᠱᠤᠩᠨᠠᠨ ᠶᠦᠭᠡᠳᠡᠭ᠍ᠰᠡᠨ ᠠᠭᠤᠯᠭ᠎ᠠ ᠲᠡᠶ ᠳᠠᠭᠤᠤ ᠳᠤᠩ ᠣᠯᠠᠨ ᠪᠠᠢ᠌ᠨ᠎ᠠ᠃ ᠡᠭᠦᠨ ᠳᠤ ᠸᠠᠨ ᠯᠢ ᠪᠤᠶᠡᠡᠭᠡᠰᠢᠭ᠌ ᠳ᠋ᠠ ᠯᠠᠮᠠ᠂ ᠳᠠᠠᠬᠤᠸᠠᠷ ᠭᠡᠦᠭᠡᠨ ᠭᠢᠭᠡᠳ ᠳ᠋ᠦᠩᠭᠡᠷ ᠳ᠋ᠠ ᠯᠠᠮᠠ ᠁ ᠵᠡᠷᠭᠡ ᠭᠦᠮᠦᠰ ᠶᠢᠡᠷ ᠰᠡᠳᠦᠪᠯᠡᠭ᠍ᠰᠡᠨ ᠳᠠᠭᠤᠤ ᠴᠥᠭᠡᠨ ᠪᠣᠰᠤ ᠪᠣᠢ᠃ 《ᠳ᠋ᠦᠩᠭᠡᠷ ᠳ᠋ᠠ ᠯᠠᠮᠠ》 ᠭᠡᠰᠡᠨ ᠳᠠᠭᠤᠤ ᠳᠤ᠄

ᠪᠣᠭᠤᠷᠤᠯ ᠰᠠᠷᠠᠯ ᠡᠯᠵᠢᠭᠡ ᠴᠢᠨᠢ ᠪᠣᠷᠤᠭᠤᠰᠢ ᠪᠠᠨ ᠴᠢᠩᠭ᠋ᠠᠨ᠎ᠠ

ᠪᠣᠯᠤᠮᠠᠷ ᠳᠦᠷᠦᠭ᠍ᠰᠡᠨ ᠳᠠᠠᠬᠤᠸᠠᠷ ᠠᠩᠭ᠎ᠠ ᠵᠢᠷᠦᠭᠡ ᠶᠢ ᠳᠠᠳᠠᠨ᠎ᠠ

ᠪᠣᠯᠤᠮᠤᠷ ᠳᠦᠷᠦᠭ᠍ᠰᠡᠨ ᠳᠠᠠᠬᠤᠸᠠᠷ ᠢ ᠪᠠᠨ ᠪᠣᠳᠤᠭᠠᠤᠨ ᠢᠷᠠᠪᠠᠯ

ᠪᠣᠰᠴᠤ ᠪᠠᠢ᠌ᠬᠤ ᠰᠠᠭᠤᠵᠤ ᠪᠠᠢ᠌ᠬᠤ ᠪᠠᠨ ᠮᠡᠳᠡᠭᠦ ᠦᠭᠡᠶ ᠯᠠᠢ ᠪᠣᠯᠤᠨ᠎ᠠ ᠭᠡᠵᠤ ᠳᠠᠭᠤᠯᠠᠵᠤ ᠪᠠᠢ᠌ᠬᠤ ᠳᠤ᠂ ᠡᠭᠦᠨ ᠲᠡᠶ ᠠᠳᠠᠯᠢ ᠪᠠᠷ ᠠᠯᠠᠱᠠ ᠠᠷᠠᠤᠨ ᠤᠨ ᠳᠠᠭᠤᠤ ᠳ᠋ᠠᠭᠢ 《ᠠᠭᠤᠷ ᠨᠢ ᠭᠦᠷᠦᠭ᠍ᠰᠡᠨ ᠶᠤᠮ ᠦᠦ》 ᠭᠡᠰᠡᠨ ᠳᠠᠭᠤᠤ ᠳᠤ᠄

ᠵᠢᠴᠠᠩ ᠴᠡᠩᠭᠡᠷ ᠮᠤᠷᠢ ᠨᠢ

ᠵᠢᠷᠭᠢᠵᠤ ᠬᠠᠳᠠᠷᠢᠭᠠᠤᠨ ᠪᠠᠢ᠌ᠨ᠎ᠠ ᠳ᠋ᠠ

ᠵᠢᠩᠪᠠᠷᠠᠯ ᠰᠦᠮ᠎ᠡ ᠶᠢᠨ ᠳ᠋ᠠ ᠯᠠᠮᠠ

ᠨᠠᠮᠢ᠋ᠢ ᠭᠡᠳ ᠪᠠᠢ᠌ᠨ᠎ᠠ ᠳ᠋ᠠ᠃

ᠪᠣᠤᠷᠠᠨ ᠳᠡᠮᠡᠭᠡ ᠪᠠᠢ᠌ᠳᠠᠯ᠎ᠠ ᠪᠠᠨ

ᠪᠣᠷᠠᠠᠳᠠᠭ ᠶᠢᠡᠨ ᠶᠠᠭᠤᠨ ᠳᠤᠷ ᠰᠤᠩᠭ᠋ᠠᠪᠠ︖

ᠪᠣᠷᠬᠠᠨ ᠤ ᠭᠡᠯᠦᠩ ᠪᠠᠢ᠌ᠳᠠᠯ᠎ᠠ ᠪᠠᠨ

ᠭᠡᠦᠭᠡᠨ ᠢ ᠶᠠᠭᠤᠨ ᠳᠤ ᠳᠠᠭᠠᠪᠠ ︖

ᠬᠤᠯᠤᠰᠤᠨ ᠰᠢᠷᠭ᠎ᠠ ᠮᠤᠷᠢ ᠪᠠᠨ

ᠣᠨᠤᠬᠤ ᠪᠠᠨ ᠶᠠᠭᠤᠨ ᠳᠤ ᠪᠠᠢ᠌ᠴᠢᠬᠠᠪᠠ︖

ᠬᠣᠢ᠌ᠳᠤ ᠠᠢ᠌ᠯ ᠤᠨ ᠵᠠᠯᠠᠭᠤ ᠮᠢᠨᠢ

ᠢᠷᠡᠭᠦ ᠪᠠᠨ ᠶᠠᠭᠤᠨ ᠳᠤ ᠪᠠᠢ᠌ᠴᠢᠬᠠᠪᠡ︖ ᠭᠡᠵᠤ ᠳᠡᠭᠡᠳᠤ ᠯᠠᠮᠠ ᠨᠡᠷ ᠤᠨ ᠬᠠᠭᠤᠷᠮᠠᠴᠢ ᠴᠢᠨᠠᠷ᠂ ᠰᠢᠨᠤᠬᠠᠢ ᠰᠡᠳᠭᠢᠯ ᠢ ᠢᠯᠠᠴᠢᠯᠠᠨ᠂ ᠳᠠᠳᠠᠨᠠᠷ ᠤᠨ ᠬᠤᠶᠠᠯᠢ ᠰᠡᠳᠭᠢᠯ᠂ ᠬᠤᠷᠢᠴᠠᠯ ᠳᠠᠴᠢᠶᠠᠯ ᠶᠢᠡᠨ ᠬᠠᠩᠭ᠋ᠠᠬᠤ ᠶᠢᠨ ᠲᠦᠯᠦᠭᠡ᠂ ᠢᠨᠠᠭᠯᠠᠵᠤ ᠪᠠᠢ᠌ᠭ᠎ᠠ ᠬᠤᠶᠠᠷ ᠵᠠᠯᠠᠭᠤ ᠶᠢᠨ ᠵᠤᠯ ᠵᠢᠷᠭᠠᠯ ᠢ ᠡᠷᠭᠡ ᠰᠦᠷ᠂ ᠡᠳ᠋ ᠮᠦᠩᠭᠦ ᠪᠠᠷ ᠶᠢᠡᠨ ᠣᠴᠢᠵᠤ ᠬᠤᠱᠤᠩᠨᠠᠨ ᠶ‍ᠥᠭᠡᠳᠡᠭ᠍ᠰᠡᠨ ᠪᠠᠢ᠌ᠨ᠎ᠠ᠃

ᠶᠡᠷᠦᠩᠭᠡᠢ᠌ᠯᠡᠭᠡᠳ ᠭᠡᠯᠡᠪᠠᠯ᠂ ᠬᠤᠷᠴᠢᠨ ᠠᠷᠠᠤᠨ ᠤᠨ ᠳᠠᠭᠤᠤ ᠪᠠ ᠠᠯᠠᠱᠠ ᠠᠷᠠᠤᠨ ᠤᠨ ᠳᠠᠭᠤᠤ ᠨᠢ ᠦᠪᠡᠷ ᠦᠪᠡᠷ ᠤᠨ ᠦᠪᠡᠷᠮᠢᠴᠠ ᠭᠡᠪ ᠨᠠᠮᠪᠠ ᠪᠠ ᠠᠢ᠌ᠵᠢᠮ ᠭᠦᠭ᠌ ᠲᠡᠶ ᠪᠠᠢ᠌ᠳᠠᠭ ᠪᠦᠭᠡᠳ ᠠᠭᠤᠯᠭ᠎ᠠ ᠶᠢᠨ ᠳᠠᠯ᠎ᠠ ᠳᠤ ᠨᠢᠭᠡ ᠭᠡᠮᠵᠢᠶᠡᠨ ᠤ ᠠᠳᠠᠯᠢ ᠳᠦᠰᠦᠭᠡᠳᠡᠢ ᠳᠠᠯ᠎ᠠ ᠪᠣᠢ᠃ ᠭᠡᠭᠦ ᠳᠡᠭᠡᠨ ᠭᠦᠭ᠌ ᠠᠶᠠᠰ ᠨᠢ ᠳᠤᠰ ᠬᠤᠶᠠᠷ ᠨᠤᠳᠤᠭ ᠤᠨ ᠭᠠᠵᠠᠷ ᠨᠤᠳᠤᠭ ᠤᠨ ᠪᠠᠢ᠌ᠷᠢᠰᠢᠯ᠂ ᠪᠠᠢ᠌ᠭᠠᠯᠢ ᠶᠢᠨ ᠨᠥᠭᠦᠴᠡᠯ ᠡᠴᠠ ᠰᠢᠯᠳᠠᠭᠠᠯᠠᠭᠳᠠᠵᠤ ᠪᠠᠢ᠌ᠬᠤ ᠳᠤ᠂ ᠠᠭᠤᠯᠭ᠎ᠠ ᠶᠢᠨ ᠳᠠᠯ᠎ᠠ ᠪᠠᠷ ᠭᠤᠤᠯᠳᠠᠭᠤ ᠣᠯᠤᠰ ᠳᠦᠷᠤ᠂ ᠳᠡᠦᠭᠡ ᠳᠠᠷᠤᠢ ᠨᠡᠢ᠌ᠭᠡᠮ ᠤᠨ ᠰᠢᠯᠳᠠᠭᠠᠨ ᠳᠤ ᠨᠥᠯᠦᠭᠡᠯᠡᠭ᠍ᠳᠡᠵᠤ ᠪᠠᠢ᠌ᠨ᠎ᠠ᠃ ᠳᠡᠭᠡᠭᠡᠳ ᠠᠯᠢ ᠨᠤᠳᠤᠭ ᠤᠨ ᠠᠷᠠᠤᠨ ᠤᠨ ᠳᠠᠭᠤᠤ ᠨᠢ ᠳᠠᠷᠤᠢ ᠳᠠᠷᠠ ᠨᠤᠳᠤᠭ ᠤᠨ ᠪᠠᠢ᠌ᠭᠠᠯᠢ ᠣᠷᠴᠢᠨ᠂ ᠨᠡᠢ᠌ᠭᠡᠮ ᠳᠡᠦᠭᠡ᠂ ᠠᠮᠢᠳᠤᠷᠠᠯ ᠤᠨ ᠵᠠᠩ ᠵᠠᠩᠰᠢᠯ᠂ ᠭᠦᠮᠤᠨ ᠠᠷᠠᠤᠨ ᠤᠨ ᠶᠢᠡᠨ ᠦᠵᠡᠯ ᠰᠡᠳᠬᠢᠯᠭᠡ᠂ ᠭᠦᠰᠡᠯ ᠰᠡᠳᠬᠢᠯᠭᠡ ᠶᠢ ᠨᠢ ᠳᠤᠰᠬᠠᠵᠤ ᠪᠠᠢ᠌ᠬᠤ ᠶᠤᠮ᠃


ᠠᠰᠢᠭᠯᠠᠭᠰᠠᠨ ᠨᠤᠮ ᠥᠭᠦᠯᠡᠯ᠄

1᠂ 《ᠠᠯᠠᠱᠠ ᠠᠷᠠᠤᠨ ᠤᠨ ᠠᠮᠠᠨ ᠵᠤᠬᠢᠶᠠᠯ ᠤᠨ ᠰᠤᠳᠤᠯᠤᠯ》 ᠮ·ᠦᠨᠢᠤ᠋ᠯᠠᠭᠠᠨ ᠨᠠᠢ᠌ᠷᠠᠭᠤᠯᠤᠨ ᠵᠤᠬᠢᠶᠠᠪᠠ᠂ ᠦᠨᠳᠦᠰᠦᠳᠠᠨ ᠤ ᠭᠡᠪᠯᠡᠯ ᠤᠨ ᠬᠤᠷᠢᠶ᠎ᠠ᠂ 2008 ᠣᠨ᠃

2᠂ 《ᠠᠯᠠᠱᠠ ᠠᠷᠠᠤᠨ ᠤᠨ ᠳᠠᠭᠤᠤ ᠶᠢᠨ ᠦᠵᠡᠯ ᠰᠠᠨᠠᠭ᠎ᠠ ᠶᠢᠨ ᠳᠤᠬᠠᠢ ᠳᠤᠷᠰᠢᠨ ᠥᠭᠦᠯᠡᠭᠦ ᠨᠢ》 ᠠᠷᠪᠢᠨ᠂ ᠦᠪᠣᠷ ᠮᠤᠩᠭ᠋ᠤᠯ ᠤᠨ ᠨᠡᠢ᠌ᠭᠡᠮ ᠤᠨ ᠰᠢᠡᠵᠢᠯᠡᠭᠦ ᠣᠬᠠᠭᠠᠨ᠂ 1983 ᠣᠨ ᠤ 2 ᠳ᠋ᠤᠭᠠᠷ ᠬᠤᠭᠤᠴᠠᠭ᠎ᠠ᠃

3᠂ 《ᠬᠤᠷᠴᠢᠨ ᠳᠤᠪᠴᠢᠶᠠᠨ》 ᠬᠤᠷᠴᠠ᠂ ᠴᠠᠩ ᠮᠢᠩ ᠵᠤᠬᠢᠶᠠᠪᠠ᠂ ᠦᠨᠳᠦᠰᠦᠳᠠᠨ ᠤ ᠭᠡᠪᠯᠡᠯ ᠤᠨ ᠬᠤᠷᠢᠶ᠎ᠠ᠂ 2001 ᠣᠨ᠃

4᠂ 《ᠮᠤᠩᠭ᠋ᠤᠯ ᠠᠷᠠᠤᠨ ᠤᠨ ᠳᠠᠭᠤᠤ ᠭᠦᠭ᠍ᠵᠢᠮ ᠤᠨ ᠳᠡᠦᠭᠡᠨ ᠲᠦᠯᠤᠪ》 ᠳ᠋·ᠰᠠᠮᠪᠣᠤ᠂ ᠳᠠᠮᠤᠷ 《ᠠᠯᠳᠠᠨ ᠲᠦᠯᠭᠢᠭᠦᠷ》 1994 ᠣᠨ 3 ᠳ᠋ᠤᠭᠠᠷ ᠬᠤᠭᠤᠴᠠᠭ᠎ᠠ᠃

5᠂ 《ᠠᠯᠠᠱᠠ ᠠᠷᠠᠤᠨ ᠤᠨ ᠳᠠᠭᠤᠤ ᠳᠤ ᠳᠤᠰᠬᠠᠭᠳᠠᠭᠰᠠᠨ ᠨᠡᠢ᠌ᠭᠡᠮ ᠤᠨ ᠰᠢᠠᠵᠢ》 ᠰᠦᠩᠷᠤᠪ 《ᠦᠪᠣᠷ ᠮᠤᠩᠭ᠋ᠤᠯ ᠤᠨ ᠨᠡᠢ᠌ᠭᠡᠮ ᠤᠨ ᠰᠢᠡᠵᠢᠯᠡᠭᠦ ᠣᠬᠠᠭᠠᠨ》᠂ 1995 ᠣᠨ ᠤ 5 ᠳ᠋ᠤᠭᠠᠷ ᠬᠤᠭᠤᠴᠠᠭ᠎ᠠ᠃

6᠂ 《ᠬᠤᠷᠴᠢᠨ ᠠᠷᠠᠤᠨ ᠤᠨ ᠳᠠᠭᠤᠤ》 (ᠨᠢᠭᠡ) ᠰᠠᠴᠠᠩᠭ᠋ᠤᠸ᠎ᠠ᠂ ᠦᠷᠭᠦᠨ᠂ ᠦᠯᠵᠡᠢ᠌ᠰᠠᠩ ᠨᠡᠷ᠂ ᠦᠪᠣᠷ ᠮᠤᠩᠭ᠋ᠤᠯ ᠤᠨ ᠰᠤᠶᠤᠯ ᠤᠨ ᠭᠡᠪᠯᠡᠯ ᠤᠨ ᠬᠤᠷᠢᠶ᠎ᠠ᠂ 1987 ᠣᠨ᠃

7᠂ 《ᠬᠤᠷᠴᠢᠨ ᠠᠷᠠᠤᠨ ᠤᠨ ᠳᠠᠭᠤᠤ ᠶᠢᠨ ᠳᠡᠦᠭᠡᠨ ᠦᠨᠳᠦᠰᠦ》 ᠭᠦᠷᠡᠯᠱᠡ᠂ 《ᠦᠪᠣᠷ ᠮᠤᠩᠭ᠋ᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠡᠷᠳᠡᠮ ᠰᠢᠡᠵᠢᠯᠡᠭᠡᠨ ᠤ ᠰᠡᠳᠭᠦᠯ》᠂ 1999 ᠣᠨ ᠤ 2 ᠳ᠋ᠤᠭᠠᠷ ᠬᠤᠭᠤᠴᠠᠭ᠎ᠠ᠃

8᠂ 《ᠵᠡᠭᠦᠨ ᠣᠷᠤᠨ ᠤ ᠠᠷᠠᠤᠨ ᠤᠨ ᠳᠠᠭᠤᠤ ᠳ᠋ᠠᠭᠢ ᠬᠤᠷᠴᠢᠨ ᠰᠤᠶᠤᠯ ᠤᠨ ᠦᠪᠡᠷᠮᠢᠴᠠ ᠳᠤᠰᠬᠠᠯ》 ᠮᠦ᠋᠊·ᠰᠠᠢ᠌ᠵᠢᠷᠠᠬᠤ᠂ 《ᠮᠤᠩᠭ᠋ᠤᠯ ᠭᠡᠯᠡ ᠣᠤᠠᠬ᠎ᠠ ᠵᠤᠬᠢᠶᠠᠯ》᠂ 2001 ᠣᠨ ᠤ 5 ᠳ᠋ᠤᠭᠠᠷ ᠬᠤᠭᠤᠴᠠᠭ᠎ᠠ᠃


ᠵᠤᠬᠢᠶᠠᠭᠴᠢ ᠶᠢᠨ ᠬᠠᠶ‍ᠢᠭ ᠄ ᠪᠠᠭᠡᠵᠢᠩ ᠳ᠋ᠠᠭᠢ ᠲᠦᠪ ᠤᠨ ᠦᠨᠳᠦᠰᠦᠳᠠᠨ ᠤ ᠶᠡᠭᠡ ᠰᠤᠷᠭᠠᠭᠤᠯᠢ ᠶᠢᠨ ᠮᠤᠩᠭ᠋ᠤᠯ ᠭᠡᠯᠡ ᠣᠤᠠᠬ᠎ᠠ ᠵᠤᠬᠢᠶᠠᠯ ᠤᠨ ᠰᠠᠯᠪᠣᠷᠢ

ᠵᠤᠬᠢᠶᠠᠭᠴᠢ᠄ ᠰᠠᠴᠤᠷᠠᠩᠭ᠋ᠤᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 12087
ᠴᠠᠭ᠄ 2010 ᠤᠨ ᠤ 09 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ 1 ᠤᠷᠮᠠᠰᠢᠭᠤᠯᠤᠯ ᠠᠯᠳᠠᠭ᠎ᠠ ᠲᠠᠢ