ᠨᠡᠪᠲᠡᠷᠡᠨ ᠤᠷᠤᠬᠤ
ᠭᠦᠭᠡ ᠵᠢᠮᠢᠰᠭᠡᠨ᠎ᠡ ᠢᠳᠠᠪᠠᠯ ᠰᠠᠢ᠌ᠨ

ᠭᠦᠭᠡ ᠵᠢᠮᠢᠰᠭᠡᠨ᠎ᠡ ᠶᠢᠨ ᠰᠢᠭᠦᠰᠤ᠂ ᠭᠡᠭᠡᠷ᠎ᠡ ᠶᠢᠨ ᠵᠡᠷᠯᠢᠭ᠌ ᠭᠦᠭᠡ ᠵᠢᠮᠢᠰᠭᠡᠨ᠎ᠡ ᠪᠣᠯ ᠴᠤᠯ ᠪᠠᠢ᠌ᠭᠠᠯᠢᠯᠢᠭ ᠥᠳᠡᠯᠭᠦ ᠶᠢ ᠰᠡᠷᠭᠡᠢ᠌ᠯᠡᠭᠦ ᠢᠳᠡᠭᠡᠨ ᠵᠢᠮᠢᠰ ᠪᠣᠯᠤᠨ᠎ᠠ᠃

ᠰᠤᠳᠤᠯᠭᠠᠨ ᠳᠤ ᠢᠯᠡᠷᠡᠭᠦᠯᠦᠭ᠍ᠰᠡᠨ ᠨᠢ ᠭᠦᠭᠡ ᠵᠢᠮᠢᠰᠭᠡᠨ᠎ᠡ ᠨᠢ ᠴᠡᠭᠡᠵᠢᠯᠡᠭᠦ ᠴᠢᠳᠠᠪᠣᠷᠢ ᠮᠠᠭᠤᠳᠠᠬᠤ ᠶᠢ ᠰᠡᠷᠭᠡᠢ᠌ᠯᠡᠭᠦ ᠪᠠᠷ ᠦᠯᠦ ᠪᠠᠷᠠᠮ ᠪᠠᠰᠠ ᠭᠦᠳᠡᠯᠭᠡᠭᠡᠨ ᠤ ᠴᠢᠳᠠᠪᠭᠢ ᠶᠢ ᠳᠡᠭᠡᠭ᠍ᠰᠢᠯᠡᠭᠦᠯᠵᠤ᠂ ᠪᠠᠰᠠ ᠴᠢᠰᠤᠨ ᠳᠠᠷᠤᠯᠳᠠ ᠶᠢ ᠳᠤᠷᠤᠭᠰᠢᠯᠠᠭᠤᠯᠬᠤ ᠳᠤ ᠳᠤᠰᠠᠳᠠᠢ ᠪᠠᠢᠳᠠᠭ᠃ ᠮᠦᠨᠴᠤ ᠭᠤᠶᠤ ᠰᠠᠢ᠌ᠬᠠᠨ ᠳᠤ ᠳᠤᠷᠠᠳᠠᠢ ᠡᠮᠡᠭ᠍ᠳᠡᠢ᠌ᠴᠦᠳ ᠲᠤ ᠠᠪᠴᠤ ᠭᠡᠯᠡᠪᠠᠯ ᠭᠦᠭᠡ ᠵᠢᠮᠢᠰᠭᠡᠨ᠎ᠡ ᠶᠢᠨ ᠰᠢᠭᠦᠰᠤ ᠶᠢ ᠰᠢᠬᠠᠵᠤ ᠢᠳᠠᠪᠠᠯ ᠳᠡᠭᠦᠨ ᠳᠤ ᠠᠭᠤᠯᠳᠠᠭ ᠢᠰᠦᠯᠳᠦᠭᠦᠯᠭᠦ ᠡᠰᠡᠷᠭᠦ ᠡᠳ᠋ ᠨᠢ ᠠᠳᠤᠷᠢᠶ᠎ᠠ ᠶᠢ ᠰᠡᠷᠭᠡᠢ᠌ᠯᠡᠭᠦ ᠣᠢ᠌ᠯᠠᠳᠤᠯ ᠲᠡᠶ ᠪᠣᠯᠬᠤᠷ ᠵᠢᠰᠤ ᠭᠤᠶᠤᠯᠠᠬᠤ ᠶᠢᠨ ᠳᠡᠷᠢᠭᠦᠨ ᠰᠤᠩᠭ᠋ᠤᠯᠳᠠ ᠪᠣᠯᠵᠤ ᠪᠣᠯᠤᠨ᠎ᠠ᠃

ᠳᠡᠭᠡᠪᠠᠯ ᠶᠠᠭᠤᠨ ᠳᠤ ᠭᠡᠭᠡᠷ᠎ᠡ ᠶᠢᠨ ᠵᠡᠷᠯᠢᠭ᠌ ᠭᠦᠭᠡ ᠵᠢᠮᠢᠰᠭᠡᠨ᠎ᠡ ᠶᠢ ᠰᠤᠩᠭ᠋ᠤᠬᠤ ᠪᠣᠢ ᠭᠡᠪᠠᠯ ᠳᠤᠰᠬᠠᠢ ᠮᠡᠷᠭᠡᠵᠢᠯᠳᠡᠨ ᠤ ᠭᠡᠯᠡᠭᠦ ᠪᠠᠷ ᠭᠡᠭᠡᠷ᠎ᠡ ᠶᠢᠨ ᠵᠡᠷᠯᠢᠭ᠌ ᠭᠦᠭᠡ ᠵᠢᠮᠢᠰᠭᠡᠨ᠎ᠡ ᠶᠢᠨ ᠢᠰᠦᠯᠳᠦᠭᠦᠯᠭᠦ ᠡᠰᠡᠷᠭᠦ ᠡᠳ᠋ ᠤᠨ ᠭᠦᠴᠤᠨ ᠨᠢ ᠬᠠᠮᠤᠭ ᠦᠨᠳᠦᠷ ᠪᠠᠢ᠌ᠵᠤ᠂ ᠴᠡᠴᠡᠭ᠌ ᠤᠨ ᠭᠦᠭᠡ ᠡᠳ᠋ ᠠᠭᠤᠯᠳᠠᠭ ᠪᠣᠯᠬᠤᠷ ᠴᠢᠰᠤᠨ ᠰᠤᠳᠠᠯ ᠤᠨ ᠬᠠᠷᠢᠮᠠᠬᠠᠢ ᠴᠢᠨᠠᠷ ᠢ ᠴᠢᠩᠭ᠋ᠠᠷᠭᠤᠯᠵᠤ᠂ ᠡᠷᠭᠢᠯᠳᠡ ᠶᠢᠨ ᠰᠢᠰᠲ᠋ᠸᠮ ᠢ ᠰᠠᠢ᠌ᠵᠢᠷᠠᠭᠤᠯᠤᠨ᠂ ᠠᠷᠠᠰᠤᠨ ᠤ ᠭᠦᠯᠢᠭᠡᠷ ᠤᠨ ᠭᠡᠮᠵᠢᠶ᠎ᠡ ᠶᠢ ᠨᠡᠮᠡᠭ᠍ᠳᠡᠭᠦᠯᠵᠤ᠂ ᠦᠶ᠎ᠡ ᠭᠡᠰᠢᠭᠦᠤ ᠶᠢᠨ ᠣᠶᠠᠨ ᠬᠠᠷᠢᠮᠠᠬᠠᠢ ᠴᠢᠨᠠᠷ ᠢ ᠰᠠᠢ᠌ᠵᠢᠷᠠᠭᠤᠯᠳᠠᠭ᠃ ᠳᠡᠷᠡ ᠮᠦᠷᠳᠡᠭᠡᠨ ᠨᠢᠭᠡ ᠴᠤᠮᠤ ᠭᠦᠭᠡ ᠵᠢᠮᠢᠰᠭᠡᠨ᠎ᠡ ᠶᠢᠨ ᠰᠢᠭᠦᠰᠤᠨ ᠳᠤ ᠵᠥᠪᠭᠡᠨ 80 ᠺᠠᠯᠤᠷᠢ ᠢᠯᠴᠢ ᠶᠢᠨ ᠭᠡᠮᠵᠢᠶ᠎ᠡ ᠠᠭᠤᠯᠳᠠᠭ ᠪᠣᠯᠬᠤᠷ ᠡᠮᠡᠭ᠍ᠳᠡᠢ᠌ᠴᠦᠳ ᠳᠤᠷᠠᠪᠠᠷ ᠢᠳᠡᠭ᠍ᠰᠡᠨ ᠴᠤ ᠮᠠᠷᠢᠶᠠᠯᠠᠬᠤ ᠭᠡᠵᠤ ᠵᠤᠪᠠᠬᠤ ᠶᠠᠪᠣᠳᠠᠯ ᠠᠯᠠᠭ᠎ᠠ ᠪᠢᠯᠠ᠃   

ᠳᠤᠰᠬᠠᠢ ᠮᠡᠷᠭᠡᠵᠢᠯᠳᠡᠨ ᠰᠠᠨᠠᠭᠤᠯᠤᠭᠰᠠᠨ ᠨᠢ ᠡᠳᠦᠷ ᠪᠣᠯᠭᠠᠨ ᠬᠠᠭᠠᠰ ᠴᠤᠮᠤ ᠪᠣᠶᠤ ᠨᠢᠭᠡ ᠴᠤᠮᠤ ᠭᠦᠭᠡ ᠵᠢᠮᠢᠰᠭᠡᠨ᠎ᠡ ᠶᠢᠨ ᠰᠢᠭᠦᠰᠤ ᠣᠤᠭᠤᠵᠤ᠂ ᠳᠡᠭᠡᠭᠦ ᠳᠡᠭᠡᠨ ᠪᠠᠰᠠ ᠠᠯᠢ ᠴᠢᠳᠠᠬᠤ ᠪᠠᠷ ᠭᠦᠢᠳᠡᠨ ᠶᠢᠡᠷ ᠣᠤᠭᠤᠪᠠᠯ ᠵᠦᠭᠡᠷ ᠭᠡᠵᠤ ᠪᠠᠢ᠌ᠨ᠎ᠠ᠃   


ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠡᠷᠡᠭᠦᠯ ᠡᠩᠬᠡ
ᠳᠠᠷᠤᠮ᠄ 5422
ᠴᠠᠭ᠄ 2011 ᠤᠨ ᠤ 10 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ