ᠨᠡᠪᠲᠡᠷᠡᠨ ᠤᠷᠤᠬᠤ
ᠮᠦᠩᠬᠡ ᠲᠡᠭᠷᠢ ᠶᠢᠨ ᠠᠯᠳᠠᠨ ᠭᠠᠳᠠᠰᠤ ᠶᠢᠨ ᠰᠢᠳᠦᠭᠡᠨ ᠤ ᠳᠤᠮᠤᠭ ᠦᠯᠢᠭᠡᠷ

ᠡᠷᠲᠡ ᠡᠣᠷᠢ᠍ᠳ᠋ᠣ ᠶᠢᠨ ᠴᠠᠭ ᠲᠣ᠂ ᠡᠠᠯᠳ᠋ᠠᠢ ᠬᠠᠩᠭᠠᠢ ᠶᠢᠨ ᠠᠪᠤᠷᠭᠤ ᠪᠠᠭᠠᠲᠤᠷ ᠡᠠᠭ᠎ᠠ ᠲᠠᠬᠤᠣ ᠬᠣᠶᠠᠷ ᠠᠶᠤᠮᠠᠷ ᠶᠡᠬᠡ ᠨᠢ᠍ᠭᠦᠯᠳ᠋ᠣ ᠲᠠᠢ᠌ᠰᠣᠠ ᠢ ᠲᠠᠷᠣᠠᠠᠣ ᠬᠡᠵᠣ ᠶᠠᠪᠤᠬᠤ ᠳᠤᠮᠳ᠋ᠠ᠂ ᠤᠨᠴᠠ ᠡᠷᠳ᠋ᠡᠮ ᠴᠢᠳ᠋ᠠᠪᠤᠷᠢ ᠲᠡᠶ ᠲᠠᠪᠣᠠ ᠬᠦᠮᠤᠨ ᠤ ᠬᠠᠪᠰᠤᠷᠤᠯᠭ᠎ᠠ ᠵᠢ ᠤᠯᠵᠤ ᠪᠠᠢ᠌ᠭᠠᠳ ᠠᠶᠤᠮᠠᠷ ᠶᠡᠬᠡ ᠨᠢ᠍ᠭᠦᠯᠳ᠋ᠣ ᠲᠠᠢ᠌ᠰᠣᠠ ᠢ ᠳᠠᠷᠤᠵᠤ ᠨᠣᠳ᠋ᠣᠭ ᠤᠰᠤ ᠪᠠᠠ ᠬᠠᠮᠠᠭᠠᠯᠠᠵᠤ ᠪᠤᠴᠠᠨ ᠢᠷᠡᠵᠡᠢ ᠬᠡᠨ᠎ᠠ᠃

ᠨᠣᠳ᠋ᠣᠭ ᠤᠰᠤᠨ ᠤ ᠡᠵᠡᠨ ᠯᠤᠲᠤ ᠶᠡᠬᠡ ᠪᠠᠶᠠᠷᠯᠠᠬᠤ ᠳᠠᠭᠠᠨ ᠲᠡᠳᠡᠨ ᠳᠤ ᠭᠠᠪᠢᠶ᠎ᠠ ᠲᠡᠮᠳᠡᠭᠯᠡᠨ ᠱᠠᠩᠨᠠᠯ ᠦᠭ᠍ᠴᠤ ᠦᠨᠢ᠍ᠳ᠋ᠡ ᠶᠢᠨ ᠪᠠᠭᠠᠲᠤᠷ ᠪᠤᠯᠭᠠᠬᠤ ᠬᠡᠵᠡᠢ᠃ ᠲᠡᠰ ᠬᠤᠪᠢᠶᠠᠨ ᠱᠠᠩᠨᠠᠯ ᠦᠭᠬᠦ ᠬᠡᠬᠦ ᠳ᠋ᠥ᠂ ᠪᠦᠷ ᠯᠠ ᠠᠳ᠋ᠠᠯᠢ᠍ᠬᠠᠨ ᠭᠠᠪᠢᠶ᠎ᠠ ᠵᠢᠳᠬᠦᠯ ᠲᠡᠶ ᠬᠡᠬᠦᠯᠡᠷ ᠨᠣᠳ᠋ᠣᠭ ᠤᠰᠤᠨ ᠤ ᠡᠵᠡᠨ ᠠᠷᠭ᠎ᠠ ᠪᠤᠳ᠋ᠤᠵᠤ《ᠵᠠ᠂ ᠲᠠ ᠳᠤᠯᠤᠭᠤᠯᠠ ᠮᠢ᠍ᠨᠤ ᠭᠠᠵᠠᠷ ᠲᠠᠬᠢ ᠭᠠᠳ᠋ᠠᠰᠤ ᠶᠢ ᠬᠠᠮᠠᠭᠠᠯᠠ᠂ ᠪᠤᠰᠤᠳ ᠬᠦᠮᠤᠰ ᠳᠤᠷ᠎ᠠ ᠪᠠᠷ ᠪᠤᠯᠢ᠍ᠶᠠᠯᠳ᠋ᠠ᠂ ᠠᠯᠢ ᠨᠢ ᠪᠤᠯᠢ᠍ᠶᠠᠵᠤ ᠳᠡᠢ᠌ᠯᠪᠡᠯ ᠲᠠᠬᠦᠨ ᠳ᠋ᠥ ᠨᠢ ᠬᠦᠨᠭ᠍ᠵᠤ ᠪᠠᠨ ᠬᠦᠷᠬᠡᠶ᠎ᠠ᠂ ᠠᠯᠢ ᠨᠢ ᠬᠠᠮᠠᠭᠠᠯᠠᠵᠤ ᠳᠡᠢ᠌ᠯᠪᠡᠯ ᠲᠠᠬᠦᠨ ᠳ᠋ᠥ ᠨᠢ ᠬᠦᠨᠭ᠍ᠵᠤ ᠪᠠᠨ ᠬᠦᠷᠬᠡᠶ᠎ᠠ ᠳ᠋ᠠ》 ᠬᠡᠵᠡᠢ᠃ ᠳᠡᠷᠡ ᠳᠤᠯᠤᠭᠤᠯᠠ ᠬᠠᠮᠲᠤ ᠪᠠᠷ ᠬᠠᠮᠠᠭᠠᠯᠠᠵᠤ ᠪᠤᠰᠤᠳ ᠲᠣ ᠪᠤᠯᠢ᠍ᠶᠠᠬᠳ᠋ᠠᠭᠰᠠᠨ ᠦᠬᠡᠢ᠃ ᠨᠣᠳ᠋ᠣᠭ ᠤᠰᠤᠨ ᠤ ᠡᠵᠡᠨ ᠠᠷᠭ᠎ᠠ ᠮᠤᠬᠤᠷᠳ᠋ᠠᠬᠤ ᠳᠠᠭᠠᠨ 《ᠲᠠ ᠳᠤᠯᠤᠭᠤᠯᠠ ᠪᠠᠰᠠᠯᠠ ᠬᠠᠮᠲᠤᠪᠡᠷ ᠭᠠᠪᠢᠶ᠎ᠠ ᠪᠠᠢ᠌ᠭᠤᠯᠪᠠ᠃ ᠠᠯᠢ᠍ᠨ ᠳ᠋ᠥ ᠨᠢ ᠬᠦᠨᠭ᠍ᠵᠤ ᠪᠠᠨ ᠬᠦᠷᠬᠡᠨ᠎ᠠ ᠳ᠋ᠠ︖ ᠠᠷᠭ᠎ᠠ ᠦᠬᠡᠢ ᠰᠢ᠍ᠤ᠃ ᠤᠳ᠋ᠤ ᠪᠢ ᠡᠷᠳ᠋ᠡᠨᠢ ᠶᠢᠨ ᠰᠤᠮᠤ ᠪᠠᠨ ᠬᠠᠩᠭᠠᠢ ᠶᠢᠨ ᠠᠷᠤ ᠤᠬᠳ᠋ᠠᠷᠭᠤᠢ ᠦᠬᠡᠳ᠋ᠡ ᠬᠠᠷᠪᠤᠭᠠᠳ ᠬᠡᠨ ᠨᠢ ᠲᠡᠷᠢ᠍ᠬᠦᠨ ᠪᠤᠯᠬᠤ ᠵᠢ ᠦᠵᠡᠶ᠎ᠠ》 ᠬᠡᠪᠡ ᠃ ᠨᠣᠳ᠋ᠣᠭ ᠤᠰᠤᠨ ᠤ ᠡᠵᠡᠨ ᠡᠷᠳ᠋ᠡᠨᠢ ᠶᠢᠨ ᠰᠤᠮᠤ ᠪᠠᠨ ᠤᠬᠳ᠋ᠠᠷᠭᠤᠢ ᠦᠬᠡᠳ᠋ᠡ ᠬᠠᠷᠪᠤᠵᠤ ᠭᠠᠷᠭᠠᠬᠤ ᠳ᠋ᠥ ᠨᠢ ᠳᠡᠷᠡ ᠳᠤᠯᠤᠭᠤᠯᠠ ᠵᠡᠷᠬᠡᠳ᠋ᠡ ᠤᠬᠳ᠋ᠠᠷᠭᠤᠢ ᠦᠬᠡᠳ᠋ᠡ ᠨᠢ᠍ᠰᠬᠦ ᠮᠡᠲᠤ ᠶᠠᠪᠤᠵᠡᠢ᠃ ᠲᠡᠷᠡ ᠬᠡᠳ᠋ᠦᠭᠦᠯᠡ ᠬᠤᠢ᠌ᠨ᠎ᠠ ᠬᠤᠢ᠌ᠨ᠎ᠠ ᠡᠴᠡ ᠪᠠᠨ ᠡᠷᠳ᠋ᠡᠨᠢ ᠶᠢᠨ ᠰᠤᠮᠤ ᠳᠤ ᠤᠢ᠌ᠷᠠᠲᠠᠨ ᠬᠦᠷᠬᠦ ᠳᠤ ᠡᠷᠳ᠋ᠡᠨᠢ ᠶᠢᠨ ᠰᠤᠮᠤ ᠨᠢ ᠬᠠᠷᠢ᠍ᠨ ᠠᠯᠲᠠᠨ ᠭᠠᠳ᠋ᠠᠰᠤ ᠪᠤᠯᠵᠤ ᠬᠤᠪᠢᠯᠵᠡᠢ᠃ ᠳᠡᠷᠡ ᠳᠤᠯᠤᠭᠤᠯᠠ ᠴᠤ ᠲᠠᠭᠠᠯᠲᠠ ᠤᠳ᠋ᠤ ᠪᠤᠯᠵᠤ ᠬᠤᠪᠢᠯᠵᠡᠢ᠃

ᠡᠬᠦᠨᠴᠡ ᠬᠤᠢ᠌ᠰᠢ ᠂ ᠡᠷᠳ᠋ᠡᠨᠢ ᠶᠢᠨ ᠰᠤᠮᠤ ᠡᠴᠡ ᠬᠤᠪᠢᠯᠵᠤ ᠭᠠᠳ᠋ᠠᠰᠤ ᠤᠳ᠋ᠤ ᠪᠤᠯᠤᠬᠰᠠᠨ ᠢ ᠬᠦᠨᠳ᠋ᠤᠯᠡᠨ ᠨᠡᠷᠡᠯᠡᠬᠦ ᠳᠡᠭᠡᠨ 《ᠮᠦ᠋ᠩᠬᠡ ᠲᠠᠭ᠍ᠷᠢ ᠶᠢᠨ ᠠᠯᠲᠠᠨ ᠭᠠᠳ᠋ᠠᠰᠤ》 ᠪᠤᠶᠤ 《ᠰᠠᠬᠢᠭᠤᠯᠰᠤᠨ ᠤᠳ᠋ᠤ》 ᠬᠡᠵᠡᠢ ᠃ ᠡᠨᠡ ᠪᠤᠯ ᠡᠳ᠋ᠤᠷ ᠰᠦ᠋ᠨᠢ ᠦᠬᠡᠢ ᠭᠡᠷᠡᠯᠳ᠋ᠦᠭᠦ ᠠᠯᠲᠠᠨ ᠭᠠᠳ᠋ᠠᠰᠤ ᠤᠳ᠋ᠤ ᠪᠤᠯᠤᠨ᠎ᠠ᠃ ᠡᠠᠭᠠᠷ ᠲᠠᠭ᠍ᠷᠢ ᠨᠢ ᠡᠠᠯᠳ᠋ᠠᠢ ᠬᠠᠩᠭᠠᠢ ᠶᠢᠨ ᠡᠠᠷᠣ ᠮᠡᠲᠣ᠂ ᠦᠢ ᠤᠯᠠᠨ ᠤᠳ᠋ᠣᠨ ᠮᠡᠴᠢ᠍ᠳ ᠨᠢ ᠡᠠᠷᠪᠠᠠ ᠲᠦᠮᠠᠠ ᠡᠠᠳ᠋ᠣᠭᠣ ᠮᠡᠲᠤ ᠪᠠᠢ᠌ᠳ᠋ᠠᠭ ᠪᠤᠯᠪᠠᠴᠤ ᠦᠢ ᠤᠯᠠᠨ ᠤᠳ᠋ᠣᠨ ᠮᠡᠴᠢ᠍ᠳ ᠨᠢ ᠠᠯᠲᠠᠨ ᠭᠠᠳ᠋ᠠᠰᠤ ᠤᠳ᠋ᠤ ᠶᠢᠨ ᠠᠬᠤᠢ ᠳ᠋ᠥ ᠪᠠᠢ᠌ᠳ᠋ᠠᠭ ᠠᠵᠠᠢ᠃ ᠡᠬᠦᠨᠴᠡ᠂ ᠮᠦ᠋ᠩᠬᠡ ᠲᠡᠭ᠍ᠷᠢ ᠶᠢᠨ ᠠᠯᠲᠠᠨ ᠭᠠᠳ᠋ᠠᠰᠤ ᠤᠳ᠋ᠤ ᠵᠢ ᠳᠠᠬᠢᠬᠤ ᠪᠤᠯᠤᠬᠰᠠ ᠮᠦ᠋ᠷᠳ᠋ᠡᠬᠡᠨ ᠳᠡᠷᠡ ᠳᠤᠯᠤᠭᠤᠯᠠ ᠶᠢ ᠠᠯᠲᠠᠨ ᠭᠠᠳ᠋ᠠᠰᠤ ᠶᠢᠨ ᠠᠢ᠌ᠮᠠᠭ 《ᠲᠣᠯᠣᠭᠠᠠ ᠪᠤᠷᠬᠠᠳ》 ᠪᠤᠯᠭᠠᠨ ᠰᠢ᠍ᠳ᠋ᠤᠬᠦ ᠪᠤᠯᠤᠬᠰᠠᠨ ᠶᠤᠮᠰᠠᠨ᠃

ᠨᠣᠳ᠋ᠣᠭ ᠤᠰᠤ ᠶᠢᠨ ᠡᠵᠡᠨ ᠨᠢ ᠡᠷᠳ᠋ᠡᠨᠢ ᠶᠢᠨ ᠰᠤᠮᠤ᠂ ᠳᠤᠯᠤᠭᠠᠨ ᠤᠨᠴᠠ ᠡᠷᠳ᠋ᠡᠮ ᠴᠢᠳ᠋ᠠᠪᠤᠷᠢ ᠲᠡᠶ ᠪᠠᠭᠠᠲᠤᠷ ᠶᠢᠠᠨ ᠠᠯᠳ᠋ᠠᠵᠤ ᠬᠦᠨᠭ᠍ᠵᠤ ᠲᠡᠶ ᠪᠠᠨ ᠨᠣᠳ᠋ᠣᠭ ᠳᠠᠭᠠᠨ ᠰᠠᠭᠤᠬᠤ ᠪᠤᠯᠤᠭᠠᠳ ᠭᠠᠵᠠᠷ ᠲᠠᠬᠢ ᠭᠠᠳ᠋ᠠᠰᠤ ᠪᠠᠷ ᠶᠢᠡᠨ ᠮᠦ᠋ᠷᠦᠢ᠌ᠴᠡᠭᠡᠨ ᠤ ᠨᠠᠢ᠌ᠷ ᠨᠠᠭᠠᠳ᠋ᠤᠮ ᠡᠷᠬᠢᠯᠡᠵᠤ᠂ ᠦᠪᠡᠷ ᠪᠠ ᠦᠪᠡᠷ ᠪᠤᠰᠤᠳ ᠢ ᠪᠠᠨ ᠪᠠᠶᠠᠷᠯᠠᠭᠤᠯᠵᠤ᠂ ᠮᠦ᠋ᠩᠬᠡ ᠲᠠᠭ᠍ᠷᠢ ᠶᠢᠨ ᠠᠯᠲᠠᠨ ᠭᠠᠳ᠋ᠠᠰᠤ ᠶᠢᠨ ᠰᠢ᠍ᠳ᠋ᠤᠬᠡᠨ ᠢ ᠡᠬᠡᠬᠦᠯᠦᠭᠰᠡᠨ ᠬᠡᠨ᠎ᠠ᠃ ᠨᠤᠲᠤᠭ ᠤᠰᠤᠨ ᠤ ᠡᠵᠡᠳ ᠨᠡᠷ ᠮᠦ᠋ᠩᠬᠡ ᠲᠠᠭ᠍ᠷᠢ ᠶᠢᠨ ᠰᠠᠨᠠᠭ᠎ᠠ ᠪᠠᠷ ᠨᠤᠲᠤᠭ ᠤᠷᠤᠨ ᠤ ᠭᠠᠢ᠌ᠬᠠᠮᠰᠢ᠍ᠲᠤ ᠬᠦᠮᠤᠨ ᠠᠮᠢ᠍ᠲᠠᠨ ᠶᠢᠡᠨ ᠳᠠᠷᠬᠠᠯᠠᠨ ᠬᠦᠨᠳ᠋ᠤᠯᠡᠬᠦ ᠪᠠᠷ ᠠᠯᠲᠠᠨ ᠬᠦᠮᠤᠨ ᠱᠤᠭᠤᠮᠠᠯ ᠪᠠ ᠠᠯᠲᠠᠨ ᠬᠦᠯᠤᠭ᠌ ᠱᠤᠭᠤᠮᠠᠯ ᠬᠢᠵᠤ ᠳᠠᠬᠢᠬᠤ ᠵᠠᠩ ᠲᠡᠶ ᠪᠤᠯᠵᠠᠢ᠃

ᠡᠨᠡᠬᠦ ᠮᠦ᠋ᠩᠬᠡ ᠲᠠᠭ᠍ᠷᠢ ᠶᠢᠨ ᠠᠯᠲᠠᠨ ᠭᠠᠳ᠋ᠠᠰᠤ ᠶᠢᠨ ᠰᠢ᠍ᠳ᠋ᠤᠬᠡᠨ ᠤ ᠵᠠᠩᠰᠢ᠍ᠯ ᠨᠢ ᠦᠪ ᠤᠯᠠᠮᠵᠢ᠍ᠯᠠᠯ ᠪᠤᠯᠵᠤ ᠦᠷᠬᠦᠯᠵᠢ᠍ᠯᠡᠭᠡᠳ ᠤᠨ ᠵᠢᠯ ᠤᠳ᠋ᠠᠵᠡᠢ᠃

ᠵᠤᠬᠢᠶᠠᠭᠴᠢ᠄ ᠵᠢᠨ᠊·ᠪᠠᠲᠤ
ᠢᠷᠡᠯᠲᠡ᠄ [ ᠵᠢᠨ᠊·ᠪᠠᠲᠤ] ᠡᠬᠡ ᠪᠢᠴᠢᠭ᠌ ᠬᠠᠩᠭ᠋ᠠᠪᠠ
ᠬᠠᠷᠢᠶ᠎ᠠ᠄ ᠵᠠᠩ ᠤᠢ᠌ᠯᠠ
ᠳᠠᠷᠤᠮ᠄ 72940
ᠴᠠᠭ᠄ 2017 ᠤᠨ ᠤ 03 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ