ᠨᠡᠪᠲᠡᠷᠡᠨ ᠤᠷᠤᠬᠤ
ᠣᠷᠳᠤᠰ ᠮᠤᠩᠭ᠋ᠤᠯᠴᠤᠳ ᠤᠨ ᠴᠡᠭᠡᠷ ᠶᠤᠰᠤᠨ ᠤ ᠳᠤᠬᠠᠢ

ᠮᠤᠩᠭ᠋ᠤᠯᠴᠤᠳ ᠴᠡᠭᠡᠷ ᠶᠤᠰᠤ ᠶᠢ ᠶᠡᠭᠡᠳᠡ ᠭᠦᠡᠳᠦᠳᠭᠡᠨ ᠡᠷᠭᠢᠮᠯᠡᠳᠡᠭ᠌ ᠪᠠᠢ᠌ᠵᠠᠢ᠃ ᠥᠩᠭᠡᠷᠡᠭ᠍ᠰᠡᠨ ᠨᠡᠢ᠌ᠭᠡᠮ ᠤᠨ ᠮᠤᠩᠭ᠋ᠤᠯᠴᠤᠳ ᠲᠤ ᠠᠪᠴᠤ ᠭᠡᠯᠡᠪᠠᠯ ᠴᠡᠭᠡᠷ ᠶᠤᠰᠤᠨ ᠨᠢ ᠳᠠᠳᠠᠨ ᠤ ᠡᠳᠦᠷ ᠳᠤᠳᠤᠮ ᠤᠨ ᠠᠵᠢᠯ ᠠᠮᠢᠳᠤᠷᠠᠯ ᠳᠠᠭᠠᠨ ᠡᠷᠭᠡᠪᠰᠢ ᠵᠢᠷᠤᠮᠯᠠᠬᠤ ᠬᠠᠤᠯᠢ ᠳᠦᠷᠢᠮ ᠮᠠᠳᠤ ᠪᠠᠢ᠌ᠵᠤ᠂ ᠨᠡᠢ᠌ᠭᠡᠮ ᠤᠨ ᠶᠤᠰᠤ ᠳᠢᠭᠯᠢᠮ ᠢ ᠬᠠᠮᠠᠭᠠᠯᠠᠬᠤ᠂ ᠭᠦᠮᠦᠰ ᠤᠨ ᠠᠵᠢᠯ ᠶᠠᠪᠣᠳᠠᠯ ᠶᠢᠡᠨ ᠡᠷᠭᠢᠯᠡᠭᠦ᠂ ᠭᠦᠰᠡᠯ ᠵᠤᠷᠢᠯᠳᠠ ᠪᠠᠨ ᠪᠠᠶᠡᠯᠡᠭᠦᠯᠭᠦ᠂ ᠳᠡᠦᠭᠡ ᠰᠤᠶᠤᠯ ᠶᠢᠡᠨ ᠣᠯᠠᠮᠵᠢᠯᠠᠬᠤ ᠪᠠ ᠦᠷ᠎ᠡ ᠬᠣᠢ᠌ᠴᠢᠰ ᠶᠢᠡᠨ ᠰᠤᠷᠭᠠᠨ ᠭᠦᠮᠦᠵᠢᠭᠦᠯᠭᠦ ᠵᠡᠷᠭᠡ ᠡᠯ᠎ᠡ ᠳᠠᠯ᠎ᠠ ᠳᠡᠭᠡᠷ᠎ᠡ ᠮᠠᠰᠢ ᠴᠢᠬᠤᠯᠠ ᠣᠢ᠌ᠯᠠᠳᠤᠯ ᠥᠵᠡᠭᠦᠯᠵᠤ ᠪᠠᠢ᠌ᠪᠠ᠃ ᠥᠩᠭᠡᠷᠡᠭ᠍ᠰᠡᠨ ᠤ ᠴᠡᠭᠡᠷ ᠶᠤᠰᠤᠨ ᠤ ᠠᠭᠤᠯᠭ᠎ᠠ ᠳᠤ ᠭᠡᠳᠥᠢᠪᠠᠷ ᠨᠡᠢ᠌ᠭᠡᠮ ᠤᠨ ᠭᠦᠭ᠍ᠵᠢᠯᠳᠡ᠂ ᠰᠢᠡᠵᠢᠯᠡᠭᠦ ᠣᠬᠠᠭᠠᠨ ᠪᠠ ᠭᠦᠮᠦᠰ ᠤᠨ ᠳᠠᠨᠢᠯᠳᠠ ᠶᠢᠨ ᠭᠢᠵᠠᠭᠠᠷᠯᠠᠯ ᠡᠴᠠ ᠪᠣᠯᠵᠤ᠂ ᠹᠧᠤᠳᠠᠯ ᠶᠤᠰᠤᠨ ᠤ ᠪᠠ ᠱᠠᠰᠢᠨ ᠤ ᠮᠤᠬᠤᠷ ᠰᠥᠰᠦᠭ᠌ ᠤᠨ ᠠᠭᠤᠯᠭ᠎ᠠ ᠲᠡᠶ ᠵᠣᠢ᠌ᠯ ᠠᠷᠪᠢᠨ ᠪᠠᠢ᠌ᠳᠠᠭ ᠪᠣᠯᠪᠠᠴᠤ ᠨᠥᠭᠦᠭᠡ ᠳᠠᠯ᠎ᠠ ᠡᠴᠠ ᠨᠢ ᠦᠵᠡᠪᠠᠯ ᠣᠯᠠᠩᠭᠢ ᠨᠢ ᠣᠳᠠᠭᠠᠨ ᠬᠤᠭᠤᠴᠠᠭᠠᠨ ᠤ ᠠᠵᠤ ᠠᠮᠢᠳᠤᠷᠠᠯ᠂ ᠣᠢ᠌ᠯᠠᠳᠪᠣᠷᠢᠯᠠᠯ ᠳᠠᠮᠠᠴᠠᠯ ᠤᠨ ᠳᠤᠷᠰᠢᠯᠭ᠎ᠠ ᠬᠤᠷᠠᠮᠳᠤᠭᠤᠯᠤᠯ ᠪᠠᠢ᠌ᠳᠠᠭ ᠳᠤᠯᠠ ᠡᠳᠦᠭᠡ ᠪᠠ ᠢᠷᠡᠭᠡᠳᠦᠢ ᠳᠤ ᠴᠤ ᠭᠡᠳ ᠢᠳᠠᠪᠭᠢ ᠰᠢᠠᠵᠢ ᠲᠡᠶ ᠵᠣᠢ᠌ᠯ ᠪᠣᠶᠤ ᠰᠤᠳᠤᠯᠤᠭᠤᠰᠢᠳᠠᠢ ᠵᠣᠢ᠌ᠯ ᠠᠷᠪᠠᠨ ᠪᠠᠢ᠌ᠳᠠᠭ᠃ ᠮᠤᠩᠭ᠋ᠤᠯᠴᠤᠳ ᠤᠨ ᠣᠳᠤᠭᠢ ᠨᠡᠢ᠌ᠭᠡᠮ ᠤᠨ ᠣᠷᠴᠢᠨ ᠪᠠ ᠠᠮᠢᠳᠤᠷᠠᠯ ᠤᠨ ᠭᠡᠯᠪᠠᠷᠢ ᠶᠢᠨ ᠬᠤᠪᠢᠷᠠᠯᠳᠠ ᠡᠴᠠ ᠪᠣᠯᠵᠤ ᠴᠡᠭᠡᠷ ᠶᠤᠰᠤᠨ ᠤ ᠠᠭᠤᠯᠭ᠎ᠠ ᠳᠤ ᠪᠣᠳᠠᠳᠠᠢ ᠳᠤ ᠦᠯᠦ ᠳᠤᠭᠢᠷᠠᠨ ᠭᠡᠷᠡᠭ᠍ᠴᠡᠭᠡ ᠪᠠᠨ ᠠᠯᠳᠠᠭᠰᠠᠨ ᠵᠣᠢ᠌ᠯ ᠠᠷᠪᠢᠨ ᠪᠠᠢ᠌ᠪᠠᠴᠤ ᠳᠡᠭᠦᠨ ᠤ ᠠᠭᠤᠯᠭ᠎ᠠ ᠪᠠᠨ ᠢᠯᠡᠳᠭᠡᠭᠦ ᠭᠡᠯᠪᠠᠷᠢ ᠨᠢ ᠪᠠᠰᠠ ᠦᠪᠡᠷ ᠤᠨ ᠣᠠᠴᠠᠯᠢᠭ ᠪᠠ ᠳᠠᠪᠠᠭᠤᠯᠢᠭ ᠳᠠᠯ᠎ᠠ ᠲᠡᠶ ᠪᠠᠢ᠌ᠳᠠᠭ᠃ ᠳᠤᠬᠠᠢ᠌ᠯᠠᠪᠠᠯ᠂ ᠴᠡᠭᠡᠷᠯᠡᠭᠦ ᠠᠭᠤᠯᠭ᠎ᠠ ᠪᠠᠨ ᠶᠠᠷᠤ ᠡᠴᠡ 《᠊᠊᠊᠊᠊᠊᠊᠊᠊᠊᠊᠊᠊᠊᠊ ᠊᠊᠊᠊᠊᠊᠊᠊᠊᠊᠊᠊᠊᠊᠊ ᠊᠊᠊᠊᠊᠊᠊᠊᠊᠊᠊᠊᠊᠊᠊ ᠊᠊᠊᠊᠊᠊᠊᠊᠊᠊᠊᠊᠊᠊᠊ ᠪᠣᠯᠳᠠᠭ ᠦᠭᠡᠶ》᠂ 《᠊᠊᠊᠊᠊᠊᠊᠊᠊᠊᠊᠊᠊᠊᠊ ᠊᠊᠊᠊᠊᠊᠊᠊᠊᠊᠊᠊᠊᠊᠊ ᠊᠊᠊᠊᠊᠊᠊᠊᠊᠊᠊᠊᠊᠊᠊ ᠊᠊᠊᠊᠊᠊᠊᠊᠊᠊᠊᠊᠊᠊᠊ ᠨᠢᠭᠦᠯ ᠶᠤᠮ》᠂ 《᠊᠊᠊᠊᠊᠊᠊᠊᠊᠊᠊᠊᠊᠊᠊ ᠊᠊᠊᠊᠊᠊᠊᠊᠊᠊᠊᠊᠊᠊᠊ ᠊᠊᠊᠊᠊᠊᠊᠊᠊᠊᠊᠊᠊᠊᠊ ᠊᠊᠊᠊᠊᠊᠊᠊᠊᠊᠊᠊᠊᠊᠊ ᠮᠠᠭᠤ ᠢᠷᠸ᠎ᠠ》᠂ 《᠊᠊᠊᠊᠊᠊᠊᠊᠊᠊᠊᠊᠊᠊᠊ ᠊᠊᠊᠊᠊᠊᠊᠊᠊᠊᠊᠊᠊᠊᠊ ᠊᠊᠊᠊᠊᠊᠊᠊᠊᠊᠊᠊᠊᠊᠊ ᠊᠊᠊᠊᠊᠊᠊᠊᠊᠊᠊᠊᠊᠊᠊ ᠪᠣᠯᠬᠤ ᠶᠢᠨ ᠳᠡᠮᠳᠡᠭ᠌》᠂ 《᠊᠊᠊᠊᠊᠊᠊᠊᠊᠊᠊᠊᠊᠊᠊ ᠊᠊᠊᠊᠊᠊᠊᠊᠊᠊᠊᠊᠊᠊᠊ ᠊᠊᠊᠊᠊᠊᠊᠊᠊᠊᠊᠊᠊᠊᠊ ᠊᠊᠊᠊᠊᠊᠊᠊᠊᠊᠊᠊᠊᠊᠊ ᠪᠠᠯ ᠊᠊᠊᠊᠊᠊᠊᠊᠊᠊᠊᠊᠊᠊᠊ ᠊᠊᠊᠊᠊᠊᠊᠊᠊᠊᠊᠊᠊᠊᠊ ᠊᠊᠊᠊᠊᠊᠊᠊᠊᠊᠊᠊᠊᠊᠊ ᠊᠊᠊᠊᠊᠊᠊᠊᠊᠊᠊᠊᠊᠊᠊ ᠪᠣᠯᠤᠨ᠎ᠠ》 ᠮᠠᠳᠤ ᠭᠡᠭᠦ ᠮᠠᠰᠢ ᠳᠤᠪᠴᠢ ᠠᠪᠰᠠᠷ᠂ ᠬᠤᠷᠴᠠ ᠳᠤᠳᠤᠷᠠᠭᠤᠨ ᠥᠭᠡ ᠭᠡᠯᠪᠠᠷᠢ ᠪᠠᠷ ᠢᠯᠡᠳᠭᠡᠳᠡᠭ᠌᠃ ᠡᠨᠡ ᠨᠢ ᠴᠡᠭᠡᠵᠢᠯᠡᠵᠤ ᠳᠤᠭᠳᠠᠭᠠᠬᠤ ᠳᠤ ᠳᠦᠭᠦᠮ ᠪᠦᠭᠡᠳ ᠭᠦᠮᠦᠰ ᠲᠤ ᠶᠠᠭᠤ ᠶᠢ ᠶᠠᠭᠠᠭᠢᠵᠤ ᠪᠣᠯᠬᠤ ᠡᠰᠡᠭᠦ ᠶᠢ ᠰᠢᠭᠤᠳ ᠵᠠᠭᠢᠷᠤᠨ ᠱᠠᠭᠠᠷᠳᠠᠭᠰᠠᠨ ᠪᠠᠢ᠌ᠳᠠᠭ ᠳᠤᠯᠠ ᠵᠠᠷᠢᠮ ᠪᠠᠢ᠌ᠳᠠᠯ ᠳᠤᠤᠷ᠎ᠠ ᠨᠠᠷᠢᠯᠢᠭ ᠳᠠᠢ᠌ᠯᠪᠣᠷᠢᠯᠠᠭᠰᠠᠨ ᠶᠤᠰᠤ ᠨᠤᠮᠯᠠᠯ ᠡᠴᠠ ᠢᠳᠠ ᠭᠦᠴᠦᠯᠢᠭ᠌ ᠪᠦᠭᠡᠳ ᠦᠷ᠎ᠡ ᠠᠰᠢᠭ ᠨᠢ ᠳᠤᠳᠤᠷᠬᠠᠢ ᠪᠠᠢ᠌ᠳᠠᠭ᠃

ᠮᠤᠩᠭ᠋ᠤᠯᠴᠤᠳ ᠤᠨ ᠴᠡᠭᠡᠷ ᠶᠤᠰᠤ ᠪᠣᠯ ᠶᠠᠷᠤ ᠨᠢ ᠮᠤᠩᠭ᠋ᠤᠯ ᠦᠨᠳᠦᠰᠦᠳᠠᠨ ᠤ ᠰᠤᠶᠤᠯ ᠳᠡᠦᠭᠡ ᠶᠢᠨ ᠴᠢᠬᠤᠯᠠ ᠨᠢᠭᠡᠨ ᠦᠪ ᠭᠦᠷᠦᠩᠭᠡ ᠪᠣᠯᠬᠤ ᠪᠦᠭᠡᠳ ᠳᠤᠮᠳᠠᠳᠤ ᠶᠢᠨ ᠦᠨᠳᠦᠰᠦᠳᠠᠨ᠂ ᠴᠢᠨᠠᠭᠰᠢᠳᠠ ᠳᠡᠯᠡᠭᠡᠢ ᠶᠢᠨ ᠦᠪ ᠰᠤᠶᠤᠯ ᠳᠤ ᠡᠷᠭᠦᠭ᠍ᠰᠡᠨ ᠨᠠᠮᠠᠷᠢ ᠮᠦᠨ᠃ ᠡᠢ᠌ᠮᠤ ᠡᠴᠡ ᠳᠠᠷᠠ ᠨᠢ ᠣᠳᠤᠬᠠᠨ ᠳᠤ ᠮᠦᠨ ᠪᠣᠳᠠᠳᠤ ᠭᠡᠷᠡᠭ᠍ᠴᠡᠭᠡ ᠭᠢᠭᠡᠳ ᠰᠤᠳᠤᠯᠭᠠᠨ ᠤ ᠬᠤᠪᠢ ᠳᠤ ᠴᠦᠮ ᠵᠤᠭᠢᠬᠤ ᠠᠴᠢ ᠬᠤᠯᠪᠣᠭᠳᠠᠯ ᠲᠠᠢ ᠪᠢᠯᠠ᠃ ᠨᠠᠢ᠌ᠳᠠ ᠮᠤᠩᠭ᠋ᠤᠯᠴᠤᠳ ᠤᠨ ᠴᠡᠭᠡᠷ ᠶᠤᠰᠤ ᠨᠢ ᠦᠨᠳᠦᠰᠦᠨ ᠳᠡᠭᠡᠨ ᠠᠳᠠᠯᠢ ᠪᠣᠯᠪᠠᠴᠤ ᠡᠯ᠎ᠡ ᠭᠠᠵᠠᠷ ᠣᠷᠤᠨ ᠳᠤ ᠪᠠᠰᠠ ᠦᠪᠡᠷ ᠤᠨ ᠭᠢᠨᠢ ᠵᠤᠭᠢᠬᠤ ᠣᠠᠴᠠᠯᠢᠭ ᠲᠡᠶ ᠪᠠᠢ᠌ᠳᠠᠭ᠃ ᠡ᠊ᠨᠳᠡ ᠪᠢ ᠪᠠᠭ᠎ᠠ ᠶᠢᠨ ᠦᠶ᠎ᠡ ᠳᠤ ᠡᠵᠢ ᠠᠪᠣ ᠡᠴᠠ ᠪᠠᠨ ᠰᠤᠷᠴᠤ ᠴᠡᠭᠡᠵᠢᠯᠡᠭ᠍ᠰᠡᠨ ᠪᠠ ᠬᠠᠮᠢᠶ᠎ᠠ ᠪᠦᠭᠦᠢ ᠨᠤᠮ ᠮᠠᠲ᠋ᠸᠷᠢᠶᠠᠯ ᠡᠴᠠ ᠥᠵᠡᠭ᠍ᠰᠡᠨ ᠣᠷᠳᠤᠰ ᠮᠤᠩᠭ᠋ᠤᠯᠴᠤᠳ ᠤᠨ ᠵᠠᠷᠢᠮ ᠴᠡᠭᠡᠷ ᠶᠤᠰᠤᠨ ᠢ ᠡᠮᠭᠢᠯᠡᠵᠤ᠂ ᠥᠵᠡᠭᠦ ᠮᠡᠷᠭᠡᠳ ᠪᠠ ᠰᠤᠳᠤᠯᠬᠤ ᠡᠷᠳᠡᠮᠳᠡᠳ ᠤᠨ ᠮᠠᠯᠮᠠᠢ ᠳᠤ ᠡᠷᠭᠦᠰᠦᠭᠡᠢ᠃

1. ᠬᠠᠷᠢᠯᠴᠠᠨ ᠠᠭᠤᠯᠵᠠᠭᠠᠤᠨ ᠠᠮᠤᠷ ᠮᠠᠠᠳᠤ ᠠᠰᠠᠭᠤᠯᠴᠠᠬᠤ ᠦᠭᠡᠶ ᠥᠩᠭᠡᠷᠡᠭᠦ ᠶᠢ ᠴᠡᠭᠡᠷᠯᠡᠨ᠎ᠡ᠃ ᠭᠡᠷᠪᠡ ᠠᠮᠤᠷ ᠮᠠᠠᠳᠤ ᠠᠰᠠᠭᠤᠬᠤ ᠦᠭᠡᠶ ᠪᠣᠯ ᠡᠨᠡ ᠠᠢ᠌ᠯ ᠤᠨ ᠶᠠᠮᠠᠷ ᠨᠢᠭᠡᠨ ᠰᠠᠳᠤᠨ ᠨᠢ ᠥᠭᠦᠭ᠍ᠰᠡᠨ ᠭᠡᠵᠤ ᠣᠢ᠌ᠯᠠᠭᠠᠬᠤ ᠪᠣᠶᠤ ᠳᠣᠢ᠌ᠯ ᠤᠨ ᠪᠠᠯᠭᠡ ᠢᠷᠸ᠎ᠠ ᠦᠭᠡᠶ ᠭᠡᠵᠤ ᠦᠵᠡᠨ᠎ᠡ᠃ ᠣᠴᠢᠷ ᠨᠢ ᠡᠨᠡ ᠠᠢ᠌ᠯ ᠤᠨ ᠭᠦᠮᠤᠨ ᠨᠢ ᠨᠠᠰᠤ ᠪᠠᠷᠠᠭᠠᠤᠨ ᠴᠡᠭᠡᠷ ᠳᠠᠢ᠌ᠯᠤᠭ᠎ᠠ ᠦᠭᠡᠶ᠂ ᠭᠠᠰᠢᠭᠤᠳᠠᠵᠤ ᠪᠠᠢ᠌ᠭ᠎ᠠ ᠦᠶ᠎ᠡ ᠳᠤ ᠠᠮᠤᠷ ᠮᠠᠠᠳᠤ ᠠᠰᠠᠭᠤᠳᠠᠭ ᠦᠭᠡᠶ ᠶᠤᠮ᠃

2. ᠰᠢᠨᠡᠯᠡᠭᠦ ᠪᠣᠶᠤ ᠵᠤᠯᠭᠠᠯᠳᠠ ᠳᠤ ᠬᠠᠳᠠᠭᠯᠠᠬᠤ ᠪᠠ ᠶᠠᠷᠤ ᠨᠢ ᠭᠦᠮᠤᠨ ᠳᠤ ᠬᠠᠳᠠᠭ ᠡᠷᠭᠦᠭᠦ ᠳᠡᠭᠡᠨ ᠬᠠᠳᠠᠭ ᠶᠢᠡᠨ ᠵᠠᠪᠠᠯ ᠭᠠᠷ ᠳᠤᠨᠢ ᠳᠠᠯᠪᠢᠬᠤ ᠭᠡᠷᠡᠭ᠍ᠳᠡᠢ᠃ ᠬᠠᠷᠢᠨ ᠭᠦᠵᠦᠭᠦᠨ ᠳ᠋ᠤᠨᠢ ᠳᠤᠬᠤᠬᠤ ᠶᠢ ᠡᠷᠡᠰ ᠴᠡᠭᠡᠷᠯᠡᠳᠡᠭ᠌᠃ ᠡᠨᠡ ᠳᠠᠯ᠎ᠠ ᠪᠠᠷ ᠲᠦᠪᠡᠳᠴᠤᠳ ᠲᠡᠶ ᠠᠳᠠᠯᠢ ᠦᠭᠡᠶ ᠪᠠᠢ᠌ᠳᠠᠭ᠃ ᠣᠴᠢᠷ ᠨᠢ ᠮᠤᠩᠭ᠋ᠤᠯᠴᠤᠳ ᠳᠡᠭᠡᠰᠤ ᠣᠷᠢᠶᠠᠳᠠᠭ᠂ ᠣᠭᠤᠰᠤᠷ ᠪᠦᠰᠡ ᠶᠢᠨ ᠵᠣᠢ᠌ᠯ ᠢ ᠭᠦᠵᠦᠭᠦᠨ ᠳᠤ ᠳᠠᠯᠪᠢᠬᠤ ᠨᠢ ᠪᠣᠭᠤᠮᠢᠯᠠᠵᠤ ᠪᠠᠢ᠌ᠬᠤ ᠶᠢᠨ ᠳᠡᠮᠳᠡᠭ᠌᠂ ᠮᠠᠭᠤ ᠢᠷᠸ᠎ᠠ ᠭᠡᠵᠤ ᠦᠵᠡᠨ᠎ᠡ᠃ ᠮᠦᠨ ᠭᠦᠡᠳᠦᠯᠡᠭᠦ ᠶᠢᠨ ᠶᠤᠰᠤᠨ ᠳᠤ ᠳᠡᠭᠦᠤ ᠨᠡᠷ ᠬᠡᠦᠬᠡᠳ ᠭᠦᠮᠤᠨ ᠭᠠᠷ ᠶᠢᠡᠨ ᠠᠬᠠᠮᠠᠤᠨ ᠭᠦᠮᠤᠨ ᠤ ᠳᠤᠯᠤᠭᠠᠢ ᠶᠢᠨ ᠳᠡᠭᠡᠭᠦᠷ ᠭᠠᠷᠭᠠᠳᠠᠭ ᠦᠭᠡᠶ᠃ ᠬᠠᠳᠠᠭ ᠪᠠᠷᠢᠬᠤ ᠶᠢᠨ ᠣᠭ ᠣᠴᠢᠷ ᠡᠴᠠ ᠭᠡᠯᠡᠭ᠍ᠰᠡᠨ ᠴᠤ ᠶᠠᠷᠤ ᠨᠢ ᠭᠠᠷ ᠤᠨ ᠬᠤᠭᠤᠰᠤᠨ ᠢ ᠠᠷᠢᠯᠭᠠᠵᠤ ᠪᠠᠢ᠌ᠭ᠎ᠠ ᠣᠴᠢᠷ ᠲᠡᠶ᠂ ᠳᠠᠷᠤᠢ ᠰᠢᠨ᠎ᠡ ᠶᠢᠨ ᠨᠢᠭᠡᠨ ᠪᠣᠯ 《ᠪᠣᠢ᠌ᠯᠠᠭᠳᠤᠨ ᠡᠳᠦᠷ》 ᠪᠣᠯᠤᠨ᠎ᠠ᠃ ᠡᠨᠡ ᠨᠢ ᠮᠢᠩᠭ᠋ᠠᠨ ᠬᠤᠭᠤᠰᠤᠨ ᠠᠯᠠᠭ᠎ᠠ᠂ ᠰᠢᠨ᠎ᠡ ᠪᠠᠷ ᠡᠭᠢᠯᠡᠵᠤ ᠪᠠᠢ᠌ᠭ᠎ᠠ ᠳᠤᠯᠠ ᠶᠠᠭᠤ ᠴᠤ ᠦᠭᠡᠶ ᠭᠡᠰᠡᠨ ᠣᠤᠠᠬ᠎ᠠ ᠲᠡᠶ᠃ ᠡᠢ᠌ᠮᠤ ᠡᠴᠡ ᠬᠤᠭᠤᠰᠤᠨ ᠢ ᠪᠠᠯᠠᠯᠬᠤ ᠶᠢᠨ ᠳᠦᠯᠦᠭᠡ ᠠᠯᠠᠭᠠᠨ ᠳᠡᠭᠡᠷ᠎ᠡ ᠨᠢ ᠬᠠᠳᠠᠭ ᠳᠠᠯᠪᠢᠳᠠᠭ (ᠬᠠᠳᠠᠭ ᠭᠡᠳᠡᠭ᠌ ᠨᠢ ᠣᠭ ᠨᠢ ᠰᠤᠷ ᠳᠠᠰᠮᠠ ᠪᠠᠢ᠌ᠵᠤ ᠰᠡᠭᠦᠯᠡᠷ ᠨᠢ ᠪᠦᠰ ᠪᠣᠯᠵᠠᠢ)᠃

3. ᠭᠢᠳᠤᠭ᠎ᠠ ᠰᠢᠪᠦᠭᠡ ᠵᠡᠷᠭᠡ ᠢᠷ ᠥᠵᠦᠭᠦᠷ ᠲᠡᠶ ᠶᠠᠭᠤᠮ᠎ᠠ ᠶᠢ ᠭᠦᠮᠤᠨ ᠳᠤ ᠦᠭ‍ᠭᠦ ᠳᠡᠭᠡᠨ ᠢᠷ ᠥᠵᠦᠭᠦᠷ ᠢ ᠨᠢ ᠭᠦᠮᠤᠨ ᠤ ᠵᠥᠭ᠌ ᠬᠠᠠᠳᠤᠭᠤᠯᠤᠨ ᠥᠭ᠍ᠴᠤ ᠪᠣᠯᠬᠤ ᠦᠭᠡᠶ᠂ ᠨᠢᠭᠦᠯ ᠪᠣᠯᠤᠨ᠎ᠠ᠃

4. ᠭᠢᠳᠤᠭ᠎ᠠ ᠪᠠᠷ ᠮᠢᠬ᠎ᠠ ᠵᠡᠷᠭᠡ ᠶᠠᠭᠤᠮ᠎ᠠ ᠶᠢ ᠣᠭᠳᠤᠯᠬᠤ ᠳᠠᠭᠠᠨ ᠢᠷ ᠢ ᠨᠢ ᠭᠠᠳᠠᠭᠰᠢ ᠪᠣᠶᠤ ᠳᠡᠭᠡᠭ᠍ᠰᠢ ᠬᠠᠠᠳᠤᠭᠤᠯᠤᠨ ᠣᠭᠳᠤᠯᠵᠤ ᠪᠣᠯᠬᠤ ᠦᠭᠡᠶ᠂ ᠳᠡᠭ᠍ᠷᠢ ᠳᠤ ᠬᠠᠷᠰᠢ ᠪᠣᠯᠤᠨ᠎ᠠ᠃

5. ᠭᠢᠳᠤᠭ᠎ᠠ ᠵᠡᠷᠭᠡ ᠢᠷ ᠠᠮᠠ ᠲᠡᠶ ᠶᠠᠭᠤᠮ᠎ᠠ ᠪᠠᠷ ᠭᠠᠯ ᠢ ᠰᠢᠯᠭᠡᠭᠡᠪᠠᠯ ᠠᠶᠤᠩᠭ᠎ᠠ ᠳᠤ ᠨᠢᠷᠭᠡᠭ᠍ᠳᠡᠨ᠎ᠡ᠃

6. ᠡᠭᠡᠷᠤᠯ᠂ ᠬᠠᠢ᠌ᠴᠢ ᠪᠠᠷ ᠨᠠᠭᠠᠳᠪᠠᠯ ᠡᠷᠭᠢᠭᠦᠤ ᠮᠤᠩᠬᠠᠭ ᠪᠣᠯᠤᠨ᠎ᠠ᠃

7. ᠬᠤᠭᠤᠰᠤᠨ ᠬᠠᠢ᠌ᠴᠢ ᠬᠠᠪᠰᠢᠭᠤᠯᠪᠠᠯ ᠭᠡᠷᠡᠭᠦᠯ ᠪᠣᠯᠬᠤ ᠶᠢᠨ ᠳᠡᠮᠳᠡᠭ᠌᠃

8. ᠮᠠᠯ ᠢ ᠰᠢᠯᠡᠭᠡᠪᠦᠷ ᠶᠢᠡᠷ ᠴᠤᠭᠢᠪᠠᠯ ᠭᠤᠷᠪᠠᠨ ᠵᠢᠯ ᠳᠤ ᠬᠤᠳᠠ ᠨᠢ ᠬᠤᠭᠤᠰᠤᠷᠠᠨ᠎ᠠ᠃

9. ᠳᠠᠪᠣᠰᠤ ᠰᠠᠷᠢᠮᠰᠠᠭ ᠵᠡᠷᠭᠡ ᠭᠠᠰᠢᠭᠤᠨ ᠳᠤᠭᠰᠢᠨ ᠢᠳᠡᠭᠡᠨ ᠢ ᠰᠢᠭᠤᠳ ᠭᠠᠷ ᠶᠢᠡᠷ ᠳᠠᠮᠵᠢᠭᠤᠯᠵᠤ ᠪᠣᠯᠬᠤ ᠦᠭᠡᠶ᠂ ᠳᠠᠮᠵᠢᠭᠤᠯᠪᠠᠯ ᠬᠤᠭᠤᠷᠤᠠᠳᠤ ᠪᠠᠨ ᠦᠰᠢᠶ᠎ᠡ ᠲᠡᠶ ᠪᠣᠯᠤᠨ᠎ᠠ᠃

10. ᠵᠤᠭᠰᠤᠭ᠎ᠠ ᠪᠠᠷ ᠪᠣᠳᠠᠭ᠎ᠠ ᠢᠳᠠᠪᠠᠯ ᠮᠠᠯ ᠨᠢ ᠵᠤᠭᠰᠤᠭ᠎ᠠ ᠪᠠᠷ ᠳᠦᠯᠯᠠᠨ᠎ᠡ᠃

11. ᠬᠡᠦᠬᠡᠳ ᠪᠣᠭᠤᠨᠢ ᠬᠠᠪᠢᠰᠤ ᠢᠳᠠᠵᠤ ᠪᠣᠯᠬᠤ ᠦᠭᠡᠶ᠂ ᠪᠠᠶ᠎ᠠ ᠨᠢ ᠥᠰᠭᠦ ᠦᠭᠡᠶ ᠪᠣᠶᠤ ᠭᠦᠮᠤᠨ ᠤ ᠳᠤᠤᠷ᠎ᠠ ᠳᠠᠷᠤᠯᠠᠭᠳᠠᠵᠤ ᠶᠠᠪᠣᠨ᠎ᠠ᠃

12. ᠳᠠᠰᠢᠭᠤᠷ ᠮᠤᠳᠤ ᠵᠡᠷᠭᠡ ᠪᠠᠷ ᠭᠠᠵᠠᠷ ᠢ ᠭᠤᠶᠠᠳᠠᠵᠤ ᠴᠤᠭᠢᠵᠤ ᠪᠣᠯᠬᠤ ᠦᠭᠡᠶ᠂ ᠴᠤᠭᠢᠪᠠᠯ ᠮᠠᠯ ᠡᠷᠭᠢᠭᠦᠤ ᠣᠷᠤᠨ᠎ᠠ᠃

13. ᠮᠠᠯ ᠤᠨ ᠬᠤᠳᠠ ᠬᠤᠷᠤᠭᠠᠨ ᠳᠤ ᠰᠢᠭᠡᠪᠠᠯ ᠮᠠᠯ ᠨᠢ ᠬᠠᠮᠠᠭᠤᠷᠠᠨ᠎ᠠ᠃

14. ᠬᠠᠩᠭ᠋ᠠᠢ ᠡᠮᠡᠭᠡᠯ ᠣᠨᠤᠵᠤ ᠨᠠᠭᠠᠳᠪᠠᠯ ᠭᠦᠯᠦᠭ᠌ ᠡᠴᠡ ᠪᠠᠨ ᠰᠠᠯᠤᠨ᠎ᠠ᠃

15. ᠨᠢᠭᠤᠷ ᠶᠢᠡᠨ ᠣᠭᠢᠶᠠᠬᠤ ᠦᠭᠡᠶ ᠪᠣᠳᠠᠭ᠎ᠠ ᠢᠳᠠᠪᠠᠯ ᠮᠤᠩᠬᠠᠭ ᠪᠣᠯᠤᠨ᠎ᠠ᠃

16. ᠳᠡᠮᠡᠭᠡᠨ ᠤ ᠣᠷᠤᠭᠤᠯ ᠢ ᠰᠡᠳᠡᠷᠭᠡᠢ ᠭᠡᠵᠤ ᠡᠯᠡᠭᠯᠡᠭᠦ ᠪᠣᠶᠤ ᠳᠡᠮᠡᠭᠡᠨ ᠤ ᠥᠭᠡᠳᠡ ᠬᠠᠠᠳᠤᠵᠤ ᠰᠢᠭᠡᠪᠠᠯ ᠰᠡᠳᠡᠷᠭᠡᠢ ᠣᠷᠤᠭᠤᠯ ᠲᠡᠶ ᠬᠡᠦᠬᠡᠳ ᠭᠠᠷᠤᠨ᠎ᠠ᠃

17. ᠮᠢᠬ᠎ᠠ ᠢᠳᠡᠭᠦ ᠳᠡᠭᠡᠨ ᠶᠠᠰᠤ ᠶᠢ ᠨᠢ ᠰᠠᠢ᠌ᠬᠠᠨ ᠮᠥᠯᠵᠢᠭᠦ ᠦᠭᠡᠶ ᠪᠣᠯ ᠮᠠᠭᠤᠬᠠᠢ ᠵᠢᠰᠤ ᠲᠡᠶ ᠬᠡᠦᠬᠡᠳ ᠭᠠᠷᠤᠨ᠎ᠠ᠃ ᠪᠠᠰᠠ ᠳᠠᠷᠠᠭ᠎ᠠ ᠲᠦᠷᠦᠯ ᠳᠤ ᠮᠠᠭᠤᠬᠠᠢ ᠵᠢᠰᠤ ᠲᠡᠶ ᠲᠦᠷᠦᠨ᠎ᠡ ᠭᠡᠳᠡᠭ᠌᠃

18. ᠣᠷᠤᠰᠬᠠᠯ ᠣᠰᠤᠨ ᠳᠤ ᠰᠢᠭᠡᠪᠠᠯ ᠪᠠᠶ᠎ᠠ ᠳᠡᠭᠡᠷ᠎ᠡ ᠨᠢ ᠶᠠᠷ᠎ᠠ ᠭᠠᠷᠤᠨ᠎ᠠ᠃

19. ᠡᠭᠦᠳᠡ ᠪᠠᠷ ᠱᠠᠭᠠᠢ᠌ᠬᠤ ᠪᠣᠶᠤ ᠡᠭᠦᠳᠡ ᠠᠯᠳᠠᠯᠠᠵᠤ ᠵᠤᠭᠰᠤᠪᠠᠯ ᠳᠡᠭ᠍ᠷᠢ ᠶᠢᠨ ᠳᠠᠭᠤᠨ ᠳᠤ ᠬᠠᠷᠰᠢ᠃

20. ᠰᠦᠨᠢ ᠳᠤᠯᠢ ᠱᠠᠭᠠᠢ᠌ᠪᠠᠯ ᠵᠢᠰᠤ ᠡᠪᠳᠡᠷᠡᠨ᠎ᠡ ᠭᠡᠭᠦ ᠪᠣᠶᠤ ᠴᠢᠦᠡᠭᠦᠷ ᠥᠵᠡᠭ᠍ᠳᠡᠨ᠎ᠡ ᠭᠡᠳᠡᠭ᠌᠃

21. ᠬᠡᠦᠬᠡᠳ ᠳᠡᠯᠢᠭᠦᠤ (ᠨᠠᠭᠠᠯᠳᠠ) ᠢᠳᠠᠪᠠᠯ ᠳᠡᠯᠢᠭᠦᠨ ᠭᠦᠭᠡ ᠴᠢᠷᠠᠢ ᠲᠡᠶ ᠪᠣᠯᠤᠨ᠎ᠠ᠃

22. ᠰᠠᠢ᠌ᠵᠠ ᠡᠯᠭᠡᠭ᠌ ᠤᠨ ᠨᠥᠭᠡ ᠪᠠᠷ ᠱᠠᠭᠠᠢ᠌ᠵᠤ ᠪᠣᠯᠬᠤ ᠦᠭᠡᠶ᠂ ᠱᠠᠭᠠᠢ᠌ᠪᠠᠯ ᠴᠢᠦᠡᠭᠦᠷ ᠥᠵᠡᠭ᠍ᠳᠡᠨ᠎ᠡ᠃

23. ᠬᠠᠠᠴᠤᠢ ᠶᠢᠨ ᠥᠵᠦᠭᠦᠷ ᠶᠢᠡᠨ ᠬᠠᠵᠠᠪᠠᠯ ᠦᠨᠦᠴᠢᠨ ᠥᠷᠦᠭᠡᠰᠤᠨ ᠪᠣᠯᠬᠤ ᠶᠢᠨ ᠳᠡᠮᠳᠡᠭ᠌᠃

24. ᠠᠷᠪᠠᠨ ᠬᠤᠷᠤᠭᠤ ᠪᠠᠨ ᠠᠮᠠᠨ ᠳᠠᠭᠠᠨ ᠭᠢᠪᠠᠯ ᠠᠪᠣ ᠡᠵᠢ ᠪᠠᠨ ᠬᠠᠵᠠᠬᠤ ᠶᠢᠨ ᠳᠡᠮᠳᠡᠭ᠌᠃

25. ᠡ᠊ᠨᠳᠡ ᠳᠠᠠᠳᠠ ᠰᠢᠯᠵᠢᠨ ᠰᠠᠭᠤᠵᠤ ᠢᠳᠠᠵᠤ ᠣᠤᠭᠤᠪᠠᠯ ᠳᠤᠯᠤᠭᠠᠨ ᠬᠤᠳᠤᠭᠤᠳᠤ ᠲᠡᠶ ᠪᠣᠯᠤᠨ᠎ᠠ᠃

26. ᠡᠯᠢᠭᠡ ᠳᠦᠷᠦᠭᠦᠯᠡᠵᠤ ᠭᠡᠪᠳᠡᠪᠠᠯ ᠡᠴᠢᠭᠡ ᠡᠭᠡ ᠪᠠᠨ ᠬᠠᠵᠠᠬᠤ ᠶᠢᠨ ᠳᠡᠮᠳᠡᠭ᠌᠃

27. ᠰᠢᠯᠤᠰᠤ ᠪᠠᠷ ᠶᠢᠡᠨ ᠨᠠᠭᠠᠳᠪᠠᠯ ᠭᠡᠯᠡᠭᠡᠢ ᠪᠣᠯᠤᠨ᠎ᠠ᠃

28. ᠰᠠᠮ ᠱᠥᠭᠦᠷ ᠢ ᠡᠮᠭᠦᠪᠠᠯ ᠠᠮᠠᠨ ᠳ᠋ᠤᠨᠢ ᠶᠠᠷ᠎ᠠ ᠭᠠᠷᠤᠨ᠎ᠠ᠃

29. ᠵᠠᠮ ᠳᠡᠭᠡᠷ᠎ᠡ ᠰᠢᠭᠡᠪᠠᠯ ᠨᠢᠳᠤᠨ ᠳᠡᠭᠡᠷ᠎ᠡ ᠪᠠᠳᠠᠭ᠎ᠠ ᠭᠠᠷᠤᠨ᠎ᠠ᠃

30. ᠭᠡᠷ ᠳᠤᠳᠤᠷ᠎ᠠ ᠢᠰᠭᠡᠷᠪᠠᠯ ᠭᠡᠷ ᠲᠤ ᠮᠤᠭᠠᠢ ᠣᠷᠤᠵᠤ ᠢᠷᠠᠨ᠎ᠡ᠃


ᠵᠤᠬᠢᠶᠠᠭᠴᠢ ᠶᠢᠨ ᠬᠠᠶ‍ᠢᠭ ᠄ ᠦᠪᠣᠷ ᠮᠤᠩᠭ᠋ᠤᠯ ᠤᠨ ᠣᠷᠳᠤᠰ ᠬᠤᠳᠠ

ᠵᠤᠬᠢᠶᠠᠭᠴᠢ᠄ ᠪᠠᠶᠠᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠵᠠᠩ ᠤᠢ᠌ᠯᠠ
ᠳᠠᠷᠤᠮ᠄ 7444
ᠴᠠᠭ᠄ 2010 ᠤᠨ ᠤ 01 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ 1 ᠤᠷᠮᠠᠰᠢᠭᠤᠯᠤᠯ ᠠᠯᠳᠠᠭ᠎ᠠ ᠲᠠᠢ