ᠨᠡᠪᠲᠡᠷᠡᠨ ᠤᠷᠤᠬᠤ
ᠬᠡᠦᠬᠡᠳ ᠤᠨ ᠣᠶᠤᠨ ᠴᠢᠳᠠᠪᠤᠷᠢ ᠶᠢ ᠨᠡᠭᠡᠭᠳᠡᠭᠦᠯᠬᠦ ᠬᠠᠮᠤᠭ ᠰᠠᠢ᠌ᠨ ᠴᠠᠭ

ᠰᠢ᠍ᠨᠵᠢ᠍ᠯᠡᠬᠦ ᠤᠬᠠᠭᠠᠨ ᠤ ᠨᠤᠳ᠋ᠤᠯᠤᠯᠳ᠋ᠠ ᠶᠢ ᠦᠨᠳ᠋ᠦᠰᠦᠯᠡᠪᠡᠯ᠄ ᠶᠡᠬᠡ ᠬᠦᠮᠦᠨ ᠤ ᠤᠶᠤᠨ ᠤᠬᠠᠭᠠᠨ ᠢ ᠵᠠᠭᠤᠨ ᠤ ᠵᠠᠭᠤ ᠪᠡᠷ ᠦᠵᠡᠪᠡᠯ᠂ ᠬᠦᠮᠦᠨ ᠲᠦ᠋ᠷᠪᠡᠨ ᠨᠠᠰᠤ ᠬᠦᠷᠪᠡᠯ ᠤᠶᠤᠨ ᠤᠬᠠᠭᠠᠨ ᠨᠢ ᠬᠦᠭ᠍ᠵᠢ᠍ᠭᠡᠳ ᠵᠠᠭᠤᠨ ᠤ ᠲᠠᠪᠢ ᠪᠤᠯᠵᠤ᠂ ᠨᠢ᠋ᠮᠠᠨ ᠨᠠᠰᠤ ᠬᠦᠷᠪᠡᠯ ᠬᠦᠭ᠍ᠵᠢ᠍ᠭᠡᠳ ᠪᠦᠬᠦᠢ᠌ᠯᠡ ᠨᠢ᠍ᠭᠡ ᠨᠠᠰᠤᠨ ᠤ ᠤᠶᠤᠨ ᠤᠬᠠᠭᠠᠨ ᠤ ᠵᠠᠭᠤᠨ ᠤ ᠨᠠᠶᠠᠨ ᠭᠤᠷᠪᠠ ᠡᠴᠡ ᠵᠠᠭᠤᠨ ᠤ ᠶᠡᠷᠡ ᠳ᠋ᠥ ᠬᠦᠷᠳ᠋ᠡᠭ᠌᠃ ᠲᠠᠷᠤᠢ ᠬᠡᠥᠬᠡᠳ ᠤᠨ ᠬᠤᠷᠴᠠ ᠰᠡᠷᠭᠦᠯᠡᠩ ᠡᠰᠡᠬᠦ ᠨᠢ ᠲᠡᠭᠦᠨ ᠤ ᠨᠢ᠋ᠮᠠᠨ ᠨᠠᠰᠤ ᠬᠦᠷᠪᠡᠯ ᠲᠠᠷᠤᠢ ᠦᠨᠳ᠋ᠦᠰᠦᠨ ᠳᠡᠭᠡᠨ ᠲᠤᠭᠳ᠋ᠠᠪᠤᠷᠢ᠍ᠵᠢ᠍ᠳ᠋ᠠᠭ ᠪᠢᠯᠡ᠃

ᠨᠢ᠍ᠭᠡ᠂ ᠶᠡᠬᠡ ᠲᠠᠷᠢ᠍ᠬᠢᠨ ᠤ ᠬᠦᠭ᠍ᠵᠢ᠍ᠯᠳ᠋ᠡ ᠶᠢᠨ ᠬᠤᠭᠤᠴᠠᠭᠠᠳ᠋ᠤ ᠴᠢ᠍ᠨᠠᠷ ᠢ ᠡᠵᠡᠮᠰᠢ᠍ᠬᠦ ᠬᠡᠷᠡᠭ᠍ᠳ᠋ᠡᠢ

ᠰᠡᠷᠡᠯ ᠤᠨ ᠡᠷᠭᠡᠳ᠋ᠡᠨ ᠤ ᠰᠢ᠍ᠰᠲ᠋ᠧᠮ ᠨᠢ ᠬᠠᠷᠢ᠍ᠴᠠᠩᠭ᠋ᠤᠢ ᠪᠡᠷ ᠬᠦᠭ᠍ᠵᠢ᠍ᠯᠳ᠋ᠡ ᠨᠢ ᠲᠤᠢ᠌ᠯ ᠤᠨ ᠬᠤᠷᠴᠠ ᠰᠤᠷᠭᠤᠭ ᠪᠠᠢ᠌ᠳ᠋ᠠᠭ᠃ ᠬᠡᠥᠬᠡᠳ ᠤᠨ ᠲᠠᠭᠤᠨ ᠦᠩᠭᠡ ᠶᠢ ᠢᠯᠭᠠᠨ ᠲᠠᠨᠢ᠍ᠬᠤ ᠳ᠋ᠥ ᠬᠦᠴᠢ᠍ᠷᠳ᠋ᠡᠵᠤ ᠪᠠᠢ᠌ᠬᠤ ᠨᠢ ᠲᠠᠷᠤᠢ ᠬᠡᠥᠬᠡᠳ ᠲᠦ᠋ᠷᠪᠡᠨ ᠨᠠᠰᠤᠨ ᠡᠴᠡ ᠡᠮᠦᠨ᠎ᠠ ᠰᠤᠨᠤᠰᠬᠤ ᠡᠷᠬᠡᠳ᠋ᠡᠨ ᠨᠢ ᠠᠨᠠᠢ ᠪᠠᠢ᠌ᠭᠰᠠᠨ ᠡᠴᠡ ᠪᠤᠯᠤᠭᠰᠠᠨ ᠶᠤᠮ᠃ ᠤᠳ᠋ᠤ ᠶᠢᠨ ᠵᠠᠷᠢ᠍ᠮ ᠡᠷᠳ᠋ᠡᠮᠳ᠋ᠡᠨ ᠤ ᠰᠤᠳ᠋ᠤᠯᠤᠯᠳ᠋ᠠ ᠶᠢ ᠦᠨᠳ᠋ᠦᠰᠦᠯᠡᠪᠡᠯ᠄ ᠪᠢᠳ᠋ᠡ ᠵᠠᠪᠠᠯ ᠬᠡᠥᠬᠡᠳ ᠤᠨ ᠰᠤᠨᠤᠰᠬᠤ ᠴᠢ᠍ᠳ᠋ᠠᠪᠤᠷᠢ ᠵᠢᠴᠢ ᠦᠭᠡ ᠬᠡᠯᠡᠯᠭᠡ ᠶᠢᠨ ᠬᠦᠭ᠍ᠵᠢ᠍ᠯᠳ᠋ᠡ ᠶᠢᠨ ᠰᠢ᠍ᠰᠲ᠋ᠧᠮ ᠢ ᠲᠦ᠋ᠷᠭᠡᠳᠭᠡᠭᠦ ᠡᠯᠪᠡᠭ᠌ ᠪᠠᠶᠠᠯᠢ᠍ᠭ ᠰᠡᠷᠡᠯ ᠤᠨ ᠲᠠᠨᠢ᠍ᠯᠳ᠋ᠠ ᠬᠢᠭᠡᠳ ᠦᠭᠡ ᠬᠡᠯᠡᠯᠭᠡ ᠶᠢᠨ ᠬᠠᠷᠢ᠍ᠴᠠᠭ᠎ᠠ ᠶᠢ ᠬᠡᠥᠭᠡᠳ ᠲᠡᠶ ᠪᠠᠨ ᠬᠠᠷᠢ᠍ᠯᠴᠠᠵᠤ ᠲᠦ᠋ᠷᠭᠡᠳᠭᠡᠭᠦ ᠨᠢ ᠲᠦ᠋ᠢ᠍ᠯ ᠤᠨ ᠴᠢ᠍ᠬᠤᠯᠠ ᠶᠤᠮ᠃ ᠬᠡᠷᠪᠡ ᠬᠡᠥᠬᠡᠳ ᠨᠢ᠍ᠭᠡᠨᠳ᠋ᠡ ᠨᠢ᠋ᠮᠠᠨ ᠨᠠᠰᠤ ᠬᠦᠷᠦᠭᠡᠳ ᠪᠠᠰᠠ ᠦᠭᠡ ᠬᠡᠯᠡᠯᠭᠡ ᠶᠢᠨ ᠪᠤᠭᠤᠮᠳ᠋ᠠ ᠶᠢ ᠲᠠᠪᠠᠭᠰᠠᠨ ᠦᠭᠡᠶ ᠶᠤᠮ ᠪᠤᠯ᠂ ᠴᠢ ᠲᠠᠷᠤᠢ ᠬᠡᠥᠭᠡᠳ ᠲᠡᠭᠡᠨ ᠬᠢᠭ᠍ᠰᠡᠨ ᠬᠦᠮᠦᠵᠢ᠍ᠯ ᠴᠢ᠍ᠨᠢ ᠨᠢ᠍ᠭᠡᠨᠳ᠋ᠡ ᠤᠷᠤᠢ᠌ᠳ᠋ᠠᠭᠰᠠᠨ ᠶᠠᠪᠤᠳ᠋ᠠᠯ ᠪᠤᠯᠤᠨ᠎ᠠ᠃ ᠶᠡᠷᠦ ᠳᠡᠭᠡᠨ ᠬᠡᠥᠭᠡᠳ ᠲᠡᠭᠡᠨ ᠲᠤᠥᠷᠠᠬᠢ ᠮᠡᠳ᠋ᠦ ᠶᠢᠨ ᠲᠤᠷᠰᠢ᠍ᠯᠳ᠋ᠠ ᠬᠢᠵᠤ᠂ ᠶᠡᠬᠡ ᠲᠠᠷᠢ᠍ᠬᠢ ᠶᠢ ᠨᠢ ᠪᠠᠢ᠌ᠴᠠᠭᠠᠵᠤ ᠪᠤᠯᠤᠨ᠎ᠠ᠃ ᠲᠠᠷᠤᠢ᠄ (1) ᠬᠡᠥᠬᠡᠳ ᠲᠡᠭᠡᠨ ᠦᠷᠭᠦᠯᠵᠢ ᠶᠢᠨ ᠴᠢ᠍ᠨᠠᠷᠳ᠋ᠠᠢ ᠪᠠᠢ᠌ᠴᠠᠭᠠᠯᠳ᠋ᠠ ᠬᠢᠵᠤ ᠪᠤᠯᠤᠨ᠎ᠠ᠂ ᠡᠭᠦᠨ ᠳ᠋ᠥ ᠤᠨᠳ᠋ᠠᠬᠤ ᠦᠷᠦᠬᠡ ᠶᠢᠨ ᠶᠢᠠᠨ ᠠᠳ᠋ᠠᠯᠢ ᠪᠤᠰᠤ ᠪᠤᠯᠤᠩ ᠡᠴᠡ ᠲᠠᠭᠤᠨ ᠭᠠᠷᠭᠠᠵᠤ᠂ ᠬᠡᠥᠬᠡᠳ ᠤᠨ ᠶᠢᠠᠨ ᠠᠵᠢᠭᠯᠠᠬᠤ ᠴᠢ᠍ᠳ᠋ᠠᠪᠤᠷᠢ ᠬᠢᠭᠡᠳ ᠬᠠᠷᠢ᠍ᠭᠤ ᠲᠤᠰᠬᠠᠯ ᠢ ᠨᠢ ᠦᠵᠡᠵᠤ ᠪᠤᠯᠤᠨ᠎ᠠ᠃ (2) ᠬᠡᠷᠪᠡ ᠬᠡᠥᠬᠡᠳ ᠤᠨ ᠴᠢ᠍ᠨᠢ ᠴᠢ᠍ᠬᠢ ᠨᠢ ᠬᠡᠮᠳ᠋ᠡᠭ᠍ᠰᠡᠨ ᠪᠤᠯ᠂ ᠵᠠᠪᠠᠯ ᠲᠡᠭᠦᠨ ᠤ ᠰᠤᠨᠤᠰᠬᠤ ᠴᠢ᠍ᠳ᠋ᠠᠪᠤᠷᠢ ᠶᠢ ᠨᠢ ᠨᠦ᠋ᠯᠦᠭᠡᠯᠡᠵᠤ ᠪᠠᠢ᠌ᠬᠤ ᠡᠰᠡᠬᠦ ᠶᠢ ᠨᠢ ᠠᠩᠬᠠᠷᠤᠯ ᠳᠠᠭᠠᠨ ᠠᠪᠬᠤ ᠬᠡᠷᠡᠭ᠍ᠳ᠋ᠡᠢ᠃ ᠡᠨᠡ ᠮᠡᠳ᠋ᠦ ᠶᠢᠨ ᠰᠤᠨᠤᠰᠬᠤ ᠴᠢ᠍ᠳ᠋ᠠᠪᠤᠷᠢ ᠶᠢ ᠨᠦ᠋ᠯᠦᠭᠡᠯᠡᠬᠦ ᠶᠢ ᠲᠤᠬᠠᠢ ᠶᠢᠨ ᠴᠠᠭ ᠲᠤᠨᠢ ᠠᠩᠬᠠᠷᠤᠯ ᠳᠠᠭᠠᠨ ᠠᠪᠬᠤ ᠦᠭᠡᠶ ᠡᠴᠡ ᠪᠤᠯᠵᠤ᠂ ᠤᠳ᠋ᠠᠭᠠᠨ ᠳᠠᠭᠠᠨ ᠬᠠᠷᠢ᠍ᠨ ᠬᠡᠥᠬᠡᠳ ᠤᠨ ᠨᠢ᠍ᠭᠡ ᠨᠠᠰᠤᠨ ᠤ ᠦᠰᠦᠯᠳ᠋ᠡ ᠶᠢ ᠨᠦ᠋ᠯᠦᠭᠡᠯᠡᠵᠤ ᠮᠡᠳ᠋ᠡᠬᠦ ᠲᠤᠯᠠ᠂ ᠵᠠᠪᠠᠯ ᠴᠠᠭ ᠲᠤᠬᠢᠶᠠᠯ ᠢ ᠠᠰᠢ᠍ᠭᠯᠠᠨ ᠲᠤᠭᠳ᠋ᠠᠭᠰᠠᠨ ᠬᠤᠭᠤᠴᠠᠭ᠎ᠠ ᠲᠡᠶ ᠪᠡᠷ ᠡᠮᠨᠡᠯᠭᠡ ᠶᠢᠨ ᠬᠤᠷᠢ᠍ᠶᠠᠨ ᠳ᠋ᠥ ᠬᠦᠷᠴᠦ ᠦᠷᠭᠦᠯᠵᠢ ᠶᠢᠨ ᠴᠢ᠍ᠨᠠᠷᠳ᠋ᠠᠢ ᠪᠠᠢ᠌ᠴᠠᠭᠠᠬᠤ ᠬᠡᠷᠡᠭ᠍ᠳ᠋ᠡᠢ᠃ (3) ᠬᠡᠷᠪᠡ ᠬᠡᠥᠬᠡᠳ ᠤᠨ ᠶᠠᠮᠠᠷ ᠨᠢ᠍ᠭᠡᠨ ᠰᠡᠷᠡᠯ ᠤᠨ ᠡᠷᠭᠡᠳ᠋ᠡᠨ ᠤ ᠬᠦᠭ᠍ᠵᠢ᠍ᠯᠳ᠋ᠡ ᠨᠢ ᠤᠳ᠋ᠠᠭᠠᠨ ᠪᠠᠢ᠌ᠬᠤ ᠶᠢ ᠮᠡᠳ᠋ᠡᠪᠡᠯ᠂ ᠡᠭᠦᠨ ᠳ᠋ᠥ ᠤᠷᠤᠭᠰᠢ ᠠᠯᠬᠤᠯᠠᠬᠤ ᠳ᠋ᠥ ᠬᠦᠴᠢ᠍ᠷᠳ᠋ᠡᠭᠦ᠂ ᠭᠠᠷ ᠬᠦᠯ ᠶᠢᠠᠨ ᠬᠦᠳ᠋ᠡᠯᠭᠡᠭᠦ ᠴᠢ᠍ᠳ᠋ᠠᠪᠤᠷᠢ ᠨᠢ ᠡᠩ ᠤᠨ ᠬᠡᠥᠬᠡᠳ ᠤᠨ ᠮᠡᠳ᠋ᠦ ᠬᠤᠷᠴᠠ ᠪᠢᠰᠢ᠂ ᠡᠰᠡᠭᠦᠯ᠎ᠠ ᠰᠤᠷᠤᠯᠴᠠᠬᠤ ᠳ᠋ᠥ ᠶᠠᠮᠠᠷ ᠨᠢ᠍ᠭᠡᠨ ᠲᠠᠯ᠎ᠠ ᠪᠡᠷ ᠬᠦᠴᠢ᠍ᠷᠳ᠋ᠡᠵᠤ ᠪᠠᠢ᠌ᠪᠠᠯ᠂ ᠴᠢ ᠲᠠᠷᠤᠢ ᠲᠦ᠋ᠷᠭᠡᠨ ᠴᠠᠭ ᠲᠤᠬᠢᠶᠠᠯ ᠢ ᠠᠰᠢ᠍ᠭᠯᠠᠨ ᠲᠤᠰᠬᠠᠢ ᠡᠷᠳ᠋ᠡᠮᠳ᠋ᠡᠨ ᠤᠷᠢ᠍ᠵᠤ ᠪᠠᠢ᠌ᠭᠠᠳ ᠠᠰᠠᠭᠤᠨ ᠯᠠᠪᠯᠠᠬᠤ᠂ ᠤᠨᠤᠰᠢ᠍ᠯᠠᠭᠤᠯᠬᠤ ᠮᠡᠳ᠋ᠦ ᠪᠡᠷ ᠵᠦ᠋ᠢ ᠵᠤᠬᠢᠰᠳ᠋ᠠᠢ ᠠᠷᠭ᠎ᠠ ᠠᠪᠴᠠᠯ ᠠᠪᠬᠤ ᠬᠡᠷᠡᠭᠲᠡᠢ᠃

ᠬᠤᠶᠠᠷ᠂ ᠶᠡᠬᠡ ᠲᠠᠷᠢ᠍ᠬᠢᠨ ᠤ ᠬᠦᠭ᠍ᠵᠢ᠍ᠯᠳ᠋ᠡ ᠶᠢᠨ ᠬᠤᠭᠤᠴᠠᠭ᠎ᠠ ᠶᠢ ᠠᠮᠵᠢ᠍ᠨ ᠠᠪᠬᠤ ᠬᠡᠷᠡᠭ᠍ᠳ᠋ᠡᠢ

ᠶᠡᠭᠡ ᠲᠠᠷᠢ᠍ᠬᠢᠨ ᠤ ᠬᠦᠭ᠍ᠵᠢ᠍ᠯᠳ᠋ᠡ ᠶᠢ ᠨᠡᠭᠡᠭ᠍ᠳ᠋ᠡᠭᠦᠯᠵᠤ᠂ ᠦᠰᠦᠯᠳ᠋ᠡ ᠪᠤᠢ᠌ᠵᠢ᠍ᠯᠳ᠋ᠠ ᠶᠢᠨ ᠬᠡᠪ ᠴᠢ᠍ᠨᠠᠷ ᠢ ᠲᠡᠭᠡᠭ᠍ᠰᠢ᠍ᠯᠡᠭᠦᠯᠬᠦ ᠳ᠋ᠥ᠂ ᠶᠠᠭᠤᠨ ᠤ ᠡᠮᠦᠨ᠎ᠠ ᠴᠠᠭ ᠲᠤᠬᠢᠶᠠᠯ ᠢ ᠰᠠᠢ᠌ᠳ᠋ᠤᠷ ᠡᠵᠡᠮᠰᠢ᠍ᠬᠦ ᠬᠡᠷᠡᠭ᠍ᠳ᠋ᠡᠢ᠃ ᠵᠢᠱᠢ᠍ᠶᠡᠯᠡᠪᠡᠯ᠄ ᠡᠨᠡᠳᠭᠡᠭ᠌ ᠤᠨ 8 ᠨᠠᠰᠤᠳ᠋ᠠᠢ ᠴᠢ᠍ᠨ᠋ᠸ᠎ᠠ ᠬᠡᠥᠭᠡᠳ᠂ ᠬᠡᠳ᠋ᠦᠢ᠌ᠪᠡᠷ ᠬᠦᠮᠦᠨ ᠤ ᠦᠰᠦᠯᠳ᠋ᠡ ᠪᠤᠢ᠌ᠵᠢ᠍ᠯᠳ᠋ᠠ ᠶᠢᠨ ᠤᠯᠠᠮᠵᠢ᠍ᠯᠠᠯᠳ᠋ᠤ ᠴᠢ᠍ᠳ᠋ᠠᠪᠬᠢ ᠪᠠᠢ᠌ᠭᠰᠠᠨ ᠪᠤᠯᠪᠠᠴᠤ᠂ ᠤᠷᠴᠢ᠍ᠨ ᠲᠤᠭᠤᠷᠢ᠍ᠨ ᠤ ᠨᠦ᠋ᠯᠦᠭᠡᠯᠡᠯ ᠡᠴᠡ ᠪᠤᠯᠵᠤ᠂ ᠴᠢ᠍ᠨ᠋ᠸ᠎ᠠ ᠲᠡᠶ ᠬᠠᠮᠳ᠋ᠤ ᠪᠡᠷ ᠤᠳ᠋ᠠᠭᠠᠨ ᠵᠢᠯ ᠤᠨ ᠲᠤᠷᠰᠢ ᠬᠡᠭᠡᠷ᠎ᠠ ᠭᠠᠳ᠋ᠠᠨᠠᠬᠢ ᠤᠷᠴᠢ᠍ᠨ ᠠᠬᠤᠢ ᠶᠢᠨ ᠨᠦ᠋ᠯᠦᠭᠡᠯᠡᠯ ᠡᠴᠡ ᠪᠤᠯᠵᠤ᠂ ᠬᠦᠮᠦᠨ ᠤ ᠦᠨᠳ᠋ᠦᠰᠦᠨ ᠴᠢ᠍ᠳ᠋ᠠᠪᠬᠢ ᠪᠠᠨ ᠠᠯᠳ᠋ᠠᠵᠤ᠂ ᠬᠡᠳ᠋ᠦᠢ᠌ᠪᠡᠷ ᠴᠢ᠍ᠨ᠋ᠸ᠎ᠠ ᠶᠢᠨ ᠡᠭᠦᠷ ᠡᠴᠡ ᠠᠪᠤᠷᠠᠭᠰᠠ ᠪᠤᠯᠪᠠᠴᠤ᠂ ᠤᠯᠠᠨ ᠬᠦᠮᠦᠨ ᠤ ᠲᠤᠮᠳ᠋ᠠ ᠲᠠᠬᠢᠨ ᠬᠦᠮᠦᠨ ᠤ ᠠᠮᠢ᠍ᠳ᠋ᠤᠷᠠᠯ ᠢ ᠡᠬᠢᠯᠡᠨ ᠬᠢᠬᠦ ᠳ᠋ᠥ ᠬᠡᠳ᠋ᠦᠢ᠌ᠪᠡᠷ ᠠᠷᠪᠠ ᠭᠠᠷᠤᠢ ᠵᠢᠯ ᠤᠨ ᠪᠤᠯᠪᠠᠰᠤᠷᠠᠯ ᠢ ᠲᠠᠬᠢᠨ ᠬᠦᠷᠳ᠋ᠡᠭᠡᠭ᠍ᠰᠡᠨ ᠪᠤᠯᠪᠠᠴᠤ᠂ ᠠᠷᠠᠢ ᠭᠡᠵᠤ ᠶᠠᠪᠤᠵᠤ ᠰᠠᠭᠤᠬᠤ᠂ ᠬᠠᠯᠪᠠᠭ᠎ᠠ ᠪᠡᠷ ᠪᠤᠳ᠋ᠠᠭ᠎ᠠ ᠢᠳ᠋ᠡᠭᠦ ᠵᠢᠴᠢ ᠲᠦ᠋ᠭᠦᠮ ᠲᠦ᠋ᠳ᠋ᠡ ᠬᠡᠳ᠋ᠦᠨ ᠦᠭᠡ ᠬᠡᠯᠡᠬᠦ ᠮᠡᠳ᠋ᠦ ᠶᠢᠨ ᠪᠠᠢ᠌ᠳ᠋ᠠᠯ ᠡᠴᠡ ᠴᠢ᠍ᠨᠠᠭᠰᠢ ᠡᠯ᠎ᠠ ᠲᠠᠯ᠎ᠠ ᠪᠡᠷ ᠬᠦᠭ᠍ᠵᠢ᠍ᠵᠤ ᠴᠢ᠍ᠳ᠋ᠠᠭᠰᠠᠨ ᠦᠭᠡᠶ ᠶᠤᠮ᠃ ᠡᠢ᠌ᠮᠦ ᠡᠴᠡ ᠬᠡᠥᠬᠡᠳ ᠦᠶ᠎ᠠ ᠶᠢᠨ ᠤᠶᠤᠨ ᠤᠬᠠᠭᠠᠨ ᠤ ᠴᠢ᠍ᠳ᠋ᠠᠪᠤᠷᠢ ᠶᠢ ᠬᠦᠮᠦᠵᠢ᠍ᠭᠦᠯᠬᠦ ᠨᠢ ᠶᠠᠭ ᠯᠡ ᠴᠡᠴᠡᠭ᠌ ᠬᠤᠸᠠᠷ ᠢ ᠦᠨᠳ᠋ᠦᠰᠦ ᠬᠠᠳᠬᠤᠭᠤᠯᠵᠤ᠂ ᠨᠠᠪᠴᠢ ᠨᠠᠬᠢᠶ᠎ᠠ ᠤᠷᠭᠤᠭᠤᠯᠵᠤ᠂ ᠤᠯᠠᠪᠢᠷ ᠰᠤᠷᠭᠤᠭ ᠴᠡᠴᠡᠭ᠌ ᠲᠡᠯᠭᠡᠷᠡᠭᠦᠯᠬᠦ ᠲᠡᠶ ᠶᠠᠭᠤᠨ ᠦᠭᠡᠷ᠎ᠠ ᠪᠤᠢ᠃

ᠭᠤᠷᠪᠠ᠂ ᠤᠶᠤᠨ ᠴᠢ᠍ᠳ᠋ᠠᠪᠤᠷᠢ ᠶᠢ ᠨᠡᠭᠡᠭ᠍ᠳ᠋ᠡᠭᠦᠯᠬᠦ ᠵᠠᠩᠭᠢᠯᠠᠭ᠎ᠠ ᠶᠢ ᠨᠢ ᠠᠳᠬᠤᠬᠤ ᠬᠡᠷᠡᠭ᠍ᠳ᠋ᠡᠢ᠃

ᠬᠠᠮᠤᠭ ᠴᠢ᠍ᠬᠤᠯᠠ ᠨᠢ ᠬᠡᠥᠬᠡᠳ ᠤᠨ ᠪᠦᠳ᠋ᠦᠭᠡᠯᠴᠢ ᠴᠢ᠍ᠳ᠋ᠠᠪᠤᠷᠢ ᠶᠢ ᠨᠢ ᠠᠩᠬᠠᠷᠴᠤ ᠪᠠᠢ᠌ᠬᠤ ᠬᠡᠷᠡᠭ᠍ᠳ᠋ᠡᠢ᠂ ᠲᠠᠷᠤᠢ ᠬᠡᠥᠬᠡᠳ ᠤᠨ ᠶᠢᠠᠨ ᠰᠠᠨᠠᠭᠠᠨ ᠳ᠋ᠥ ᠦᠭᠡᠶ ᠪᠡᠷ ᠬᠡᠷᠡᠭ᠌ ᠪᠤᠳ᠋ᠠᠰ ᠲᠣ ᠬᠠᠨᠳ᠋ᠤᠬᠤ ᠤᠪᠤᠷ ᠪᠠᠢ᠌ᠳ᠋ᠠᠯ᠂ ᠦᠭᠡ ᠬᠡᠯᠡᠯᠭᠡ᠂ ᠠᠩᠬᠠᠷᠤᠯ᠂ ᠠᠵᠢ᠍ᠭᠯᠠᠬᠤ᠂ ᠴᠡᠭᠡᠵᠢ᠍ᠯᠡᠬᠦ ᠴᠢ᠍ᠳ᠋ᠠᠪᠤᠷᠢ ᠵᠡᠷᠭᠡ ᠶᠢ ᠨᠢ ᠪᠦᠬᠦ ᠲᠠᠯ᠎ᠠ ᠪᠡᠷ ᠠᠩᠬᠠᠷᠬᠤ ᠬᠡᠷᠡᠭ᠍ᠳ᠋ᠡᠢ᠃ ᠬᠡᠥᠭᠡᠳ ᠴᠢ᠍ᠨᠢ ᠬᠡᠷᠪᠡ ᠬᠠᠮᠤᠭ ᠨᠠᠭᠠᠳ᠋ᠤ ᠵᠠᠬ᠎ᠠ ᠳᠠᠭᠠᠨ ᠲᠡᠭᠡᠷᠡᠭᠢ ᠮᠡᠳ᠋ᠦ ᠶᠢᠨ ᠰᠡᠳᠬᠢᠭᠦᠢ ᠶᠢᠨ ᠪᠦᠷᠢ᠍ᠯᠳ᠋ᠦᠭᠦᠨ ᠦᠭᠡᠶ ᠶᠤᠮ ᠪᠤᠯ ᠬᠠᠨᠠᠰᠠ ᠪᠠᠰᠠ ᠲᠤᠭᠤᠰᠤᠳ᠋ᠤ ᠶᠢ᠍ᠷᠳ᠋ᠢ᠍ᠨᠴᠦ ᠶᠢᠨ ᠲᠤᠮᠳ᠋ᠠ ᠪᠦᠳ᠋ᠦᠭᠡᠯᠴᠢ ᠴᠢ᠍ᠳ᠋ᠠᠪᠤᠷᠢ ᠭᠡᠵᠤ ᠪᠠᠢ᠌ᠬᠤ ᠶᠤᠮ ᠪᠤᠢ᠃ ᠰᠤᠳ᠋ᠤᠯᠤᠯᠳ᠋ᠠ ᠶᠢ ᠦᠨᠳ᠋ᠦᠰᠦᠯᠡᠪᠡᠯ᠂ ᠬᠡᠥᠭᠡᠳ ᠤᠨ ᠡᠯ᠎ᠠ ᠵᠦ᠋ᠢ᠍ᠯ ᠤᠨ ᠴᠢ᠍ᠳ᠋ᠠᠪᠤᠷᠢ ᠶᠢᠨ ᠬᠦᠭ᠍ᠵᠢ᠍ᠯᠳ᠋ᠡ ᠶᠢᠨ ᠵᠠᠩᠭᠢᠯᠠᠭ᠎ᠠ ᠱᠠᠳ᠋ᠤ ᠭᠡᠵᠤ ᠪᠠᠢ᠌ᠳ᠋ᠠᠭ᠃(1) ᠬᠡᠥᠬᠡᠳ ᠤᠨ 2 ᠡᠴᠡ 3 ᠨᠠᠰᠤ ᠪᠤᠯ ᠦᠭᠡ ᠬᠡᠯᠡᠯᠭᠡ ᠶᠢᠨ ᠵᠠᠩᠭᠢᠯᠠᠭ᠎ᠠ ᠶᠢᠨ ᠱᠠᠳ᠋ᠤ ᠪᠤᠯᠤᠨ᠎ᠠ ᠡᠩ ᠤᠨ ᠦᠭᠡ ᠬᠡᠯᠡᠯᠭᠡ ᠶᠢᠨ ᠤᠷᠴᠢ᠍ᠨ ᠳ᠋ᠥ᠂ ᠡᠨᠡᠬᠦ ᠱᠠᠳ᠋ᠤᠨ ᠳ᠋ᠥ ᠬᠡᠥᠬᠡᠳ ᠤᠨ ᠦᠭᠡ ᠬᠡᠯᠡᠨ ᠤ ᠬᠦᠭ᠍ᠵᠢ᠍ᠯᠳ᠋ᠡ ᠬᠠᠮᠤᠭ ᠰᠠᠢ᠌ᠨ᠂ ᠬᠠᠮᠤᠭ ᠨᠠᠢ᠌ᠳ᠋ᠠᠪᠤᠷᠢ᠍ᠳ᠋ᠠᠢ ᠪᠠᠢ᠌ᠳ᠋ᠠᠭ ᠶᠤᠮ᠃ ᠬᠡᠷᠪᠡ ᠡᠨᠡᠬᠦ ᠵᠠᠩᠭᠢᠯᠠᠭ᠎ᠠ ᠶᠢᠨ ᠱᠠᠳ᠋ᠤ ᠶᠢ ᠰᠠᠢ᠌ᠳ᠋ᠤᠷ ᠠᠰᠢ᠍ᠭᠯᠠᠬᠤ ᠦᠭᠡᠶ ᠶᠤᠮ ᠪᠤᠯ ᠬᠡᠥᠬᠡᠳ ᠤᠨ ᠦᠰᠦᠯᠳ᠋ᠡ ᠳ᠋ᠥ ᠲᠦ᠋ᠢ᠍ᠯ ᠤᠨ ᠶᠡᠬᠡ ᠬᠤᠬᠢᠷᠠᠯ ᠪᠤᠶᠤ ᠬᠦᠯᠢ᠍ᠶᠡᠰᠦ ᠲᠤᠱᠠ ᠪᠤᠯᠳ᠋ᠠᠭ ᠰᠠᠨ᠂ ᠴᠢ᠍ᠨ᠋ᠸ᠎ᠠ ᠬᠡᠥᠬᠡᠳ ᠪᠤᠯ ᠲᠠᠷᠤᠢ ᠨᠡᠢ᠌ᠳ᠋ᠡᠯᠢ᠍ᠭ᠌ ᠵᠢᠱᠢ᠍ᠶ᠎ᠠ ᠪᠢᠰᠢ᠍ᠦ᠃ (2) 4 ᠨᠠᠰᠤ ᠡᠴᠡ ᠡᠮᠦᠨ᠎ᠠ ᠪᠤᠯ ᠬᠡᠥᠬᠡᠳ ᠤᠨ ᠵᠢᠷᠤᠭ ᠲᠦ᠋ᠷᠰᠦ ᠶᠢ ᠢᠯᠭᠠᠨ ᠲᠠᠨᠢ᠍ᠬᠤ ᠵᠠᠩᠭᠢᠯᠭ᠎ᠠ ᠶᠢᠨ ᠱᠠᠳ᠋ᠤ ᠪᠤᠯᠤᠨ᠎ᠠ᠃ (3) 4—5 ᠨᠠᠰᠤ ᠪᠤᠯ ᠨᠤᠮ ᠲᠡᠪᠳ᠋ᠡᠷ ᠤᠨ ᠦᠭᠡ ᠬᠡᠯᠡᠯᠭᠡ ᠶᠢ ᠰᠤᠷᠤᠯᠴᠠᠬᠤ ᠬᠠᠮᠤᠭ ᠰᠠᠢ᠌ᠨ ᠱᠠᠳ᠋ᠤ ᠪᠤᠯᠤᠨ᠎ᠠ᠃ (4) 5— 5.5 ᠨᠠᠰᠤ ᠪᠤᠯ ᠬᠡᠥᠭᠡᠳ ᠤᠨ ᠦᠭᠡ ᠬᠠᠷᠢ᠍ᠯᠴᠠᠭᠠᠨ ᠤ ᠤᠬᠠᠭᠳ᠋ᠠᠬᠤᠨ ᠢ ᠡᠵᠡᠮᠰᠢ᠍ᠬᠦ ᠵᠠᠩᠭᠢᠯᠠᠭ᠎ᠠ ᠶᠢᠨ ᠱᠠᠳ᠋ᠤ ᠪᠤᠯᠤᠨ᠎ᠠ᠃ (5) 5—6 ᠨᠠᠰᠤ ᠪᠤᠯ ᠬᠡᠥᠬᠡᠳ ᠤᠨ ᠦᠰᠦᠭ᠌ ᠲᠠᠨᠢ᠍ᠬᠤ ᠬᠠᠮᠤᠭ ᠰᠠᠢ᠌ᠨ ᠱᠠᠳ᠋ᠤ ᠪᠤᠯᠤᠨ᠎ᠠ᠃

ᠡᠢ᠌ᠮᠦ ᠡᠴᠡ ᠬᠡᠥᠬᠡᠳ ᠤᠨ ᠶᠢᠠᠨ ᠦᠰᠦᠯᠳ᠋ᠡ ᠪᠤᠢ᠌ᠵᠢ᠍ᠯᠳ᠋ᠠ ᠶᠢᠨ ᠵᠠᠩᠭᠢᠯᠭ᠎ᠠ ᠶᠢᠨ ᠴᠠᠭ ᠲᠣ ᠵᠦ᠋ᠢ ᠵᠤᠬᠢᠰᠳ᠋ᠠᠢ ᠪᠡᠷ ᠬᠦᠮᠦᠵᠢ᠍ᠯ ᠬᠢᠬᠦ ᠨᠢ᠂ ᠬᠡᠥᠬᠡᠳ ᠤᠨ ᠦᠰᠦᠯᠳ᠋ᠡ ᠳ᠋ᠥ ᠲᠤᠢ᠌ᠯ ᠤᠨ ᠶᠡᠬᠡ ᠠᠴᠢ ᠲᠤᠰᠠ ᠲᠡᠶ ᠪᠠᠢ᠌ᠳ᠋ᠠᠭ᠃ ᠬᠡᠷᠪᠡ ᠬᠡᠥᠬᠡᠳ ᠲᠡᠭᠡᠨ ᠴᠠᠭ ᠲᠤᠬᠢᠶᠠᠯ ᠢ ᠠᠰᠢ᠍ᠭᠯᠠᠨ ᠲᠤᠰᠬᠠᠢ ᠪᠤᠯᠪᠠᠰᠤᠷᠠᠯ ᠬᠦᠷᠳ᠋ᠡᠭᠡᠭ᠍ᠰᠡᠨ ᠦᠭᠡᠶ ᠶᠤᠮ ᠪᠤᠯ᠂ ᠶᠠᠮᠠᠷ ᠨᠢ᠍ᠭᠡ ᠰᠢ᠍ᠯᠢ᠍ᠳ᠋ᠡᠭ᠌ ᠬᠡᠥᠬᠡᠳ ᠴᠦ ᠭᠡᠳ ᠦᠪᠡᠷ ᠤᠨ ᠤᠶᠤᠨ ᠴᠢ᠍ᠳ᠋ᠠᠪᠤᠷᠢ ᠪᠡᠷ ᠶᠢᠠᠨ ᠨᠠᠰᠤᠨ ᠲᠤᠷᠰᠢ᠍ᠳ᠋ᠠ ᠴᠢ᠍ᠷᠮᠠᠢ᠌ᠭᠰᠠᠨ ᠴᠦ ᠬᠠᠷᠢ᠍ᠨ ᠬᠦᠮᠦᠵᠢ᠍ᠯ ᠬᠦᠷᠳ᠋ᠡᠭᠡᠭ᠍ᠰᠡᠨ ᠬᠠᠮᠤᠭ ᠰᠠᠢ᠌ᠨ ᠤᠷᠭᠢᠯ ᠤᠨ ᠬᠡᠮᠵᠢ᠍ᠶ᠎ᠠ ᠳ᠋ᠥ ᠬᠦᠷᠴᠦ ᠴᠢ᠍ᠳ᠋ᠠᠬᠤ ᠦᠭᠡᠶ ᠶᠤᠮ᠃ ᠡᠢ᠌ᠮᠦ ᠡᠴᠡ ᠵᠠᠷᠢ᠍ᠮ ᠬᠡᠥᠬᠡᠳ ᠤᠨ ᠤᠶᠤᠨ ᠤ ᠴᠢ᠍ᠳ᠋ᠠᠪᠤᠷᠢ ᠨᠢ ᠠᠨᠢ ᠪᠠᠢ᠌ᠬᠤ ᠲᠤᠯᠠ᠂ ᠡᠬᠡ ᠡᠴᠢ᠍ᠭᠡ ᠶᠢᠨ ᠬᠠᠯᠠᠭᠤᠨ ᠲᠤᠯᠠᠭᠠᠨ ᠤᠪᠤᠷ ᠰᠤᠷᠳ᠋ᠠᠯ᠂ ᠬᠦᠯᠢ᠍ᠴᠡᠩᠭᠦᠢ ᠯᠠᠪᠳ᠋ᠠᠭᠤᠨ ᠰᠤᠷᠭᠠᠨ ᠬᠦᠮᠦᠵᠢ᠍ᠯ ᠬᠢᠭᠡᠳ ᠤᠳ᠋ᠠᠭᠠᠨ ᠲᠠᠭᠠᠭᠠᠮᠠᠭᠠᠢ ᠤᠷᠠᠮᠰᠢ᠍ᠭᠤᠯᠤᠯ ᠵᠤᠷᠢ᠍ᠭᠵᠢ᠍ᠭᠤᠯᠤᠯ ᠢ ᠬᠦᠷᠳ᠋ᠡᠭᠡᠭᠦ ᠦᠭᠡᠶ ᠶᠤᠮ ᠪᠤᠯ᠂ ᠬᠡᠥᠬᠡᠳ ᠬᠠᠷᠢ᠍ᠨ ᠭᠤᠨᠢ᠍ᠨ ᠭᠤᠳ᠋ᠤᠷᠠᠵᠤ᠂ ᠢᠳ᠋ᠡᠭᠡᠯ ᠠᠯᠳ᠋ᠠᠬᠤ᠂ ᠴᠢ᠍ᠷᠮᠠᠢ᠌ᠬᠤ ᠦᠭᠡᠶ ᠪᠤᠶᠤ ᠴᠢ᠍ᠨᠠᠭᠰᠢ᠍ᠯᠠᠨ ᠬᠤᠵᠢ᠍ᠮ ᠤᠨ ᠨᠢ᠍ᠭᠡ ᠨᠠᠰᠤᠨ ᠤ ᠦᠰᠦᠯᠳ᠋ᠡ ᠪᠤᠢ᠌ᠵᠢ᠍ᠯᠳ᠋ᠠ ᠪᠠᠨ ᠴᠦ ᠨᠦ᠋ᠯᠦᠭᠡᠯᠡᠵᠤ ᠮᠡᠳ᠋ᠡᠨ᠎ᠠ᠃

ᠵᠤᠬᠢᠶᠠᠭᠴᠢ᠄ ᠸ·ᠠᠭᠤᠯᠠ
ᠢᠷᠡᠯᠲᠡ᠄ ᠵᠤᠬᠢᠶᠠᠭᠴᠢ ᠶᠢᠨ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 13415
ᠴᠠᠭ᠄ 2017 ᠤᠨ ᠤ 03 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ