ᠨᠡᠪᠲᠡᠷᠡᠨ ᠤᠷᠤᠬᠤ
ᠬᠠᠰᠠᠭ ᠳᠡᠷᠭᠡ

ᠡᡁᠦᠩᠨᠦ ᠶᠢᠨ ᠦᠶ᠎ᠡ ᠡᠴᠠ ᠦᠨᠦᠳᠤᠷ ᠭᠦᠷᠦᠭ᠍ᠰᠡᠨ                    

    ᠡᠪᠦᠭᠡᠨ ᠪᠣᠭᠤᠷᠤᠯ ᠮᠢᠨᠤ ᠬᠠᠰᠠᠭ ᠳᠡᠷᠭᠡ

ᠨᠡᠭᠦᠳᠡᠯ ᠰᠤᠶᠤᠯ ᠢ ᠠᠴᠢᠵᠤ ᠶᠠᠪᠣᠭᠰᠠᠨ

    ᠠᠴᠢᠳᠤ ᠪᠣᠭᠤᠷᠤᠯ ᠮᠢᠨᠤ ᠬᠠᠰᠠᠭ ᠳᠡᠷᠭᠡ

ᠪᠢᠳᠠᠨ ᠢ ᠬᠤᠷᠢᠨ ᠨᠢᠭᠡᠳᠦᠭᠡᠷ ᠵᠠᠭᠤᠨ ᠳᠤ ᠭᠦᠷᠭᠡᠵᠤ

    ᠮᠦᠽᠸᠢ ᠳᠤ ᠭᠡᠪᠳᠡᠭ᠍ᠰᠡᠨ ᠮᠢᠨᠤ ᠬᠠᠰᠠᠭ ᠳᠡᠷᠭᠡ

ᠮᠤᠩᠭ᠋ᠤᠯ ᠭᠦᠮᠤᠨ ᠤ ᠰᠡᠳᠭᠢᠯ ᠡᠴᠠ ᠬᠤᠯᠠᠳᠠᠭ᠎ᠠ ᠥᠭᠡᠢ

   ᠰᠡᠳᠭᠢᠯ ᠤᠨ ᠰᠢᠳᠦᠭᠡᠨ ᠮᠢᠨᠤ ᠬᠠᠰᠠᠭ ᠳᠡᠷᠭᠡ

ᠨᠡᠭᠦᠳᠡᠯ ᠡᠴᠠ ᠰᠠᠭᠤᠷᠢᠨ ᠳᠤ ᠰᠢᠯᠵᠢᠭ᠍ᠰᠡᠨ ᠦᠨᠦᠳᠤᠷ

    ᠬᠠᠰᠠᠭ ᠳᠡᠷᠭᠡ ᠶᠢ ᠮᠢᠨᠢ ᠬᠠᠷᠠᠬᠤ ᠭᠦᠮᠤᠨ ᠴᠥᠭᠡᠷᠡᠪᠡ

ᠠᠶᠠᠨ ᠤ ᠨᠡᠭᠦᠳᠡᠯ ᠶᠢᠡᠨ ᠴᠭᠢᠯᠭᠠᠨ ᠰᠦᠯᠵᠢᠶ᠎ᠠ ᠪᠠᠷ ᠰᠤᠯᠢᠪᠠ ᠪᠢᠳᠠ

    ᠬᠠᠰᠠᠭ ᠳᠡᠷᠭᠡ ᠮᠢᠨᠢ ᠡᠴᠦᠰ ᠤᠨ ᠦᠷᠳᠡᠭᠡ ᠭᠦᠷᠪᠡ                

ᠠᠽᠢᠶ᠎ᠠ ᠧᠦᠷᠦᠫᠡ ᠶᠢ ᠬᠤᠯᠪᠣᠵᠤ ᠶᠠᠪᠣᠭᠰᠠᠨ ᠬᠠᠰᠠᠭ ᠳᠡᠷᠭᠡ

     ᠬᠤᠰᠢᠭᠤ ᠰᠤᠮᠤ ᠶᠢ ᠬᠤᠯᠪᠣᠵᠤ ᠴᠢᠳᠠᠬᠤ ᠪᠠᠨ ᠪᠣᠯᠢᠪᠠ

ᠭᠦᠭᠡ ᠮᠤᠩᠭ᠋ᠤᠯ ᠤᠨ ᠦᠷᠠᠰ ᠢ ᠣᠤᠠᠬ᠎ᠠ ᠰᠤᠶᠤᠯ ᠡᠴᠡ ᠨᠢ ᠰᠠᠯᠭᠠᠭ᠎ᠠ ᠥᠭᠡᠢ

     ᠮᠤᠩᠭ᠋ᠤᠯ ᠺᠢᠷᠢᠯ ᠲᠡᠶ ᠡᠭᠦᠷᠴᠤ ᠶᠠᠪᠣᠭᠰᠠᠨ ᠮᠢᠨᠤ ᠬᠠᠰᠠᠭ ᠳᠡᠷᠭᠡ


ᠵᠤᠬᠢᠶᠠᠭᠴᠢ ᠶᠢᠨ ᠬᠠ‍‌ᠶᠢᠭ ᠄ ᠰᠢᠯᠢ ᠶᠢᠨ ᠭᠤᠤᠯ ᠠᠢ᠌ᠮᠠᠭ ᠤᠨ ᠭᠦᠪᠠᠭᠡᠳᠤ ᠰᠢᠷ᠎ᠠ ᠬᠤᠰᠢᠭᠤ

ᠵᠤᠬᠢᠶᠠᠭᠴᠢ᠄ ᠬᠤᠨᠤᠳ·ᠳᠠᠪᠰᠢᠩᠭ᠋ᠤᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2616
ᠴᠠᠭ᠄ 2010 ᠤᠨ ᠤ 12 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ