☆ ᠵᠠᠢ᠌ᠳᠠᠩᠴᠢᠨ
ᠰᠤᠷᠭᠠᠨ ᠬᠦᠮᠦᠵᠢᠯ ᠤᠨ ᠬᠠᠭᠤᠷᠮᠠᠭ
ᠰᠤᠷᠭᠠᠨ ᠭᠦᠮᠦᠵᠢᠯ ᠭᠡᠵᠤ ᠶᠠᠭᠤ ᠪᠣᠯᠬᠤ ᠶᠢ ᠪᠢ ᠭᠡᠯᠡᠵᠤ ᠳᠡᠢ᠌ᠯᠭᠦ ᠦᠭᠡᠶ᠃ ᠳᠠᠢ᠌ᠮᠤ ᠶᠡᠭᠡ ᠳᠤᠮᠤ ᠰᠠᠳᠤᠪ ᠢ ᠳᠡᠯᠭᠡᠨ ᠶᠠᠷᠢᠬᠤ ᠭᠢᠷᠢ ᠭᠡᠮ ᠨᠠᠳᠠ ᠪᠠᠰᠠ ᠪᠠᠢ᠌ᠬᠤ ᠦᠭᠡᠶ᠃ ᠭᠡᠪᠠᠴᠤ ᠰᠤᠷᠭᠠᠨ ᠭᠦᠮᠦᠵᠢᠯ ᠳᠤ ᠶᠠᠷᠤ ᠨᠢ ᠬᠠᠭᠤᠷᠮᠠᠭ ᠳᠠᠯ᠎ᠠ ᠪᠠᠢ᠌ᠨ᠎ᠠ ᠭᠡᠭᠦ ᠳᠤ ᠭᠠᠢ᠌ᠬᠠᠯ ᠭᠦᠷᠦᠭᠡᠤᠨ ᠪᠠᠢ᠌ᠨ᠎ᠠ᠂ ᠳᠤᠷ᠎ᠠ ᠥᠭᠡᠢ᠌ᠴᠡᠵᠤ ᠢᠳᠡᠭᠡᠯ ᠠᠯᠳᠠᠭᠠᠤᠨ ᠪᠠᠢ᠌ᠨ᠎ᠠ᠃
ᠰᠤᠷᠭᠠᠨ ᠭᠦᠮᠦᠵᠢᠯ ᠭᠡᠪᠠᠯ ᠨᠢᠭᠡ ᠳᠤ ᠰᠤᠷᠭᠠᠨ᠎ᠠ᠂ ᠨᠥᠭᠦᠭᠡ ᠨᠢᠭᠡ ᠳᠤ ᠭᠦᠮᠦᠵᠢᠭᠦᠯᠤᠨ᠎ᠡ᠃ ᠡᠨᠡ ᠬᠤᠶᠠᠷ ᠤᠨ ᠣᠶᠠᠯᠳᠤᠯ ᠶᠤᠮ᠃ ᠥᠨᠡ᠊ᠨᠳᠡᠭᠡᠨ ᠡᠨᠡ ᠬᠤᠶᠠᠷ ᠢ ᠰᠠᠯᠭᠠᠵᠤ ᠶᠠᠷᠢᠪᠠᠯ ᠨᠠᠩ ᠣᠢ᠌ᠯᠠᠭᠠᠮᠵᠢᠳᠠᠢ ᠪᠣᠯᠤᠨ᠎ᠠ᠃ ᠶᠠᠭᠤᠨ ᠳᠤ ᠭᠡᠪᠠᠯ ᠰᠤᠷᠭᠠᠬᠤ ᠶᠢᠨ ᠣᠴᠢᠷ ᠢ ᠭᠦᠮᠦᠵᠢᠭᠦᠯᠭᠦ ᠳᠤ ᠳᠤᠬᠤᠵᠤ ᠪᠣᠯᠬᠤ ᠦᠭᠡᠶ᠃ ᠠᠳᠠᠯᠢ ᠪᠠᠷ ᠭᠦᠮᠦᠵᠢᠭᠦᠯᠭᠦ ᠶᠢᠨ ᠣᠴᠢᠷ ᠢ ᠴᠤ ᠰᠤᠷᠭᠠᠬᠤ ᠳᠤ ᠳᠤᠬᠤᠵᠤ ᠪᠣᠯᠬᠤ ᠦᠭᠡᠶ ᠶᠤᠮ᠃
ᠳᠡᠭᠡᠪᠠᠯ ᠪᠢ᠂ ᠡ᠊ᠨᠳᠡ ᠰᠤᠷᠭᠠᠬᠤ ᠶᠢᠨ ᠳᠤᠬᠠᠢ ᠶᠠᠷᠢᠶ᠎ᠠ ᠭᠡᠵᠤ ᠪᠣᠳᠤᠵᠤ ᠦᠭᠡᠶ᠃ ᠳᠡᠳᠡᠭᠡᠷ ᠵᠢᠭᠠᠨ ᠰᠤᠷᠭᠠᠵᠤ ᠪᠠᠢ᠌ᠭ᠎ᠠ ᠰᠤᠶᠤᠯ ᠮᠡᠳᠡᠯᠭᠡ ᠶᠢᠨ ᠭᠢᠨ ᠳᠤᠬᠠᠢ ᠪᠢ ᠴᠤ ᠪᠦᠷᠢᠨ ᠭᠦᠢᠴᠡᠳ ᠣᠢ᠌ᠯᠠᠭᠠᠵᠤ ᠴᠢᠳᠠᠬᠤ ᠪᠠᠷ ᠦᠭᠡᠶ᠃ ᠨᠢᠭᠡ ᠶᠢᠨ ᠳᠡᠭᠡᠷ᠎ᠡ ᠨᠢᠭᠡ ᠶᠢ ᠨᠠᠮᠠᠪᠠᠯ ᠬᠤᠶᠠᠷ ᠪᠣᠯᠤᠨ᠎ᠠ ᠭᠡᠳᠡᠭ᠌ ᠨᠢ ᠴᠤ ᠳᠤᠭᠳᠠᠴᠢᠬᠠᠭᠰᠠᠨ ᠣᠬᠠᠭᠠᠨ᠂ ᠵᠢᠭᠠᠬᠤ ᠪᠠᠷ ᠳᠠᠮᠵᠢᠨ ᠡᠵᠡᠮᠰᠢᠭᠦᠯᠳᠡᠭ᠌ ᠳᠠᠷᠠ ᠠᠷᠭ᠎ᠠ ᠳᠠᠮ ᠢ ᠨᠢ ᠡᠷᠳᠡᠮᠳᠡᠳ ᠡᠴᠠ ᠡᠡᠭ᠌ ᠤᠨ ᠪᠠᠭᠰᠢ ᠳᠤ ᠭᠦᠷᠳᠡᠯ᠎ᠡ ᠬᠠᠮᠤᠭ ᠤᠨ ᠳᠦᠭᠦᠮ ᠣᠢ᠌ᠯᠠᠭᠠᠮᠵᠢᠳᠠᠢ ᠪᠠᠷ ᠭᠠᠷ ᠭᠦᠳᠡᠯᠭᠡᠨ ᠡᠵᠡᠮᠰᠢᠭᠦᠯᠭᠦ ᠠᠷᠭ᠎ᠠ ᠮᠠᠶᠢᠭ ᠢ ᠰᠥᠪᠠᠭ᠍ᠴᠢᠯᠡᠨ ᠰᠤᠳᠤᠯᠠᠭᠰᠠᠭᠠᠷ ᠪᠠᠢ᠌ᠨ᠎ᠠ᠃ ᠡ᠊ᠨᠳᠡ ᠨᠤᠷᠰᠢᠭᠰᠠᠨ ᠤ ᠭᠡᠷᠡᠭ᠌ ᠠᠯᠠᠭ᠎ᠠ᠃ ᠳᠡᠭᠡᠪᠠᠯ ᠶᠤᠰᠤᠳᠠᠢ ᠪᠠᠷᠰ ᠤᠨ ᠡᠮᠤᠨ᠎ᠡ ᠪᠠᠭᠠᠰᠢᠯᠠᠭᠰᠠᠨ ᠭᠡᠷᠡᠭ᠌ ᠪᠣᠯᠤᠨ᠎ᠠ᠃
ᠳᠠᠢ᠌ᠮᠤ ᠪᠣᠯ ᠭᠦᠮᠦᠵᠢᠯ ᠤᠨ ᠳᠤᠬᠠᠢ ᠯᠠ ᠶᠠᠷᠢᠶ᠎ᠠ ᠭᠡᠵᠤ ᠪᠣᠳᠤᠨ᠎ᠠ᠃ ᠭᠦᠮᠤᠨ ᠪᠣᠯᠭᠠᠨ ᠭᠦᠮᠦᠵᠢᠭᠦᠯᠤᠨ᠎ᠡ ᠭᠡᠵᠤ ᠠᠯᠢ ᠴᠠᠭ ᠡᠴᠡ ᠠᠯᠢ ᠪᠠᠭᠰᠢ ᠡᠴᠠ ᠣᠯᠵᠤ ᠰᠤᠷᠤᠭᠰᠠᠨ ᠢ ᠮᠡᠳᠡᠭᠦ ᠦᠭᠡᠶ᠂ ᠵᠠᠵᠢᠨ ᠦᠰᠦ ᠪᠠᠨ ᠴᠠᠢ᠌ᠳᠠᠯ᠎ᠠ ᠶᠠᠷᠢᠭᠰᠠᠨ ᠴᠤ ᠴᠤᠬᠤᠮ ᠶᠠᠭᠠᠭᠢᠵᠤ ᠭᠦᠮᠦᠵᠢᠭᠦᠯᠵᠤ᠂ ᠭᠡᠷᠭᠢᠨ ᠭᠦᠮᠦᠵᠢᠭᠦᠯᠵᠤ᠂ ᠭᠡᠳᠤ ᠶᠢ ᠨᠢ ᠭᠢᠷᠢ ᠵᠡᠷᠭᠡ ᠳᠤ ᠭᠦᠷᠭᠡᠭ᠍ᠰᠡᠨ ᠶᠢᠡᠨ ᠪᠢ ᠪᠠᠰᠠ ᠭᠡᠯᠡᠵᠤ ᠴᠢᠳᠠᠬᠤ ᠦᠭᠡᠶ᠃
ᠳᠡᠭᠡᠭᠡᠤᠨ ᠮᠡᠳᠡᠭᠦ ᠦᠭᠡᠶ ᠪᠠᠢ᠌ᠭᠠᠤᠨ ᠪᠢ ᠴᠢᠨᠢ ᠶᠠᠭᠤ ᠭᠢᠭ᠍ᠰᠡᠨ ᠨᠢᠭᠡ ᠨᠢ ᠪᠣᠯᠪᠠ ᠳ᠋ᠠ ᠭᠡᠭᠦ ᠳᠤ ᠦᠪᠡᠷ ᠶᠢᠡᠨ ᠬᠠᠷᠢᠭᠤᠯᠵᠤ ᠴᠢᠳᠠᠬᠤ ᠦᠭᠡᠶ ᠪᠠᠢ᠌ᠪᠠ᠃
ᠰᠢᠡᠵᠢᠯᠡᠭᠦ ᠣᠬᠠᠭᠠᠨ ᠭᠡᠵᠤ ᠭᠡᠵᠢᠶᠡᠳᠡ ᠬᠤᠳᠠᠯ ᠬᠠᠭᠤᠷᠮᠠᠭ ᠪᠠᠢ᠌ᠵᠤ ᠴᠢᠳᠠᠬᠤ ᠦᠭᠡᠶ᠃ ᠵᠠᠪᠠᠯ ᠦᠨᠡᠨ ᠡᠴᠠ ᠵᠦᠪ ᠢ ᠡᠷᠢᠭᠦ ᠭᠡᠷᠡᠭ᠍ᠳᠡᠢ ᠶᠤᠮ ᠭᠡᠵᠤ ᠪᠠᠭᠰᠢ ᠪᠢᠯᠢᠤ ᠰᠤᠷᠭᠠᠵᠤ ᠪᠠᠢ᠌ᠭᠰᠠᠨ ᠶᠤᠮ᠃ ᠳᠠᠷᠠ ᠯᠠ ᠵᠠᠭᠢᠶ᠎ᠠ ᠪᠠᠷ ᠨᠢ᠂ ᠳᠠᠷᠠ ᠯᠠ ᠣᠬᠠᠭᠠᠨ ᠶᠢᠡᠷ ᠨᠢ᠂ ᠳᠠᠷᠠ ᠯᠠ ᠶᠤᠰᠤ ᠨᠤᠮ ᠶᠢᠡᠷ ᠨᠢ ᠦᠪᠡᠷ ᠤᠨ ᠭᠢᠨ ᠶᠢᠡᠨ ᠪᠠ ᠪᠣᠰᠤᠳ ᠢ ᠰᠤᠷᠭᠠᠵᠤ ᠶᠠᠪᠣᠭᠰᠠᠨ ᠯᠠ ᠳ᠋ᠠ᠃ ᠳᠡᠭᠡᠭᠡᠤᠨ ᠭᠦᠮᠤᠨ ᠪᠣᠯᠭᠠᠨ ᠭᠦᠮᠦᠵᠢᠭᠦᠯᠭᠦ ᠶᠢ ᠨᠢ ᠶᠠᠭᠤ ᠭᠡᠵᠤ ᠪᠣᠳᠤᠨ᠎ᠠ᠂ ᠣᠴᠢᠷ ᠶᠠᠪᠣᠳᠠᠯ ᠳᠤ ᠲᠦᠪ ᠦᠨᠡᠠᠴᠢ ᠪᠠᠢ᠌ᠬᠤ ᠭᠡᠷᠡᠭ᠍ᠳᠡᠢ ᠯᠠ ᠭᠡᠰᠡᠨ᠃ ᠭᠡᠳᠡᠯ᠎ᠡ ᠳᠠᠷᠠ ᠶᠡᠭᠡ ᠲᠦᠪ ᠦᠨᠡᠨ ᠭᠡᠳᠡᠭ᠌ ᠢ ᠨᠢ ᠬᠠᠮᠢᠭ᠎ᠠ ᠡᠴᠠ ᠡᠷᠢᠵᠤ ᠣᠯᠤᠨ᠎ᠠ᠂ ᠳᠠᠷᠠ ᠨᠢ ᠬᠠᠮᠢᠭ᠎ᠠ ᠪᠠᠢ᠌ᠳᠠᠭ ᠨᠢ ᠶᠤᠮ᠃
ᠣᠯᠤᠰ ᠲᠦᠷᠦᠴᠢᠳ ᠤᠨ ᠳᠤᠮᠳᠠ ᠯᠠᠪᠳᠠᠢ ᠪᠠᠢ᠌ᠬᠤ ᠦᠭᠡᠶ᠃ ᠳᠡᠦᠭᠡᠨ ᠡᠴᠠ ᠠᠪᠣᠭᠠᠤᠨ ᠣᠯᠤᠰ ᠠᠷᠠᠤᠨ ᠶᠢᠡᠨ ᠬᠤᠳᠠᠯᠳᠤᠭᠰᠠᠨ ᠨᠢ ᠣᠯᠠᠨ᠃ ᠣᠷᠪᠠᠵᠤ ᠳᠡᠷᠰᠯᠡᠭ᠍ᠰᠡᠨ ᠨᠢ ᠠᠷᠪᠢᠨ᠃
ᠠᠰᠢᠭ ᠪᠡᠷᠭᠡ ᠶᠢᠨ ᠡᠮᠤᠨ᠎ᠡ ᠨᠠᠩ ᠴᠤ ᠦᠭᠡᠶ᠃ ᠡᠭᠡᠯ ᠠᠷᠠᠤᠨ ᠳᠤᠨᠢ ᠭᠦᠷᠳᠡᠯ᠎ᠡ ᠡᠷᠭᠡ ᠠᠰᠢᠭ ᠭᠡᠪᠠᠯ ᠥᠷᠦᠭᠡᠯ ᠤᠨ ᠥᠭᠦᠵᠤ ᠰᠥᠨᠦᠭᠦ ᠶᠢ ᠬᠠᠢ᠌ᠬᠤᠷᠠᠬᠤ ᠴᠤ ᠦᠭᠡᠶ ᠪᠣᠯᠳᠠᠭ᠃ ᠳᠡᠯᠡᠭᠡᠢ ᠶᠢᠨ ᠪᠦᠮᠪᠦᠷᠴᠡᠭ᠌ ᠬᠠᠭᠠᠷᠠᠬᠤ ᠪᠠᠷ ᠪᠣᠳᠤᠭᠰᠠᠨ ᠴᠤ ᠬᠤᠠᠵᠢᠵᠤ ᠠᠮᠵᠠᠭᠰᠠᠨ ᠯᠠ ᠪᠣᠯ ᠪᠣᠯᠴᠢᠬᠠᠭᠰᠠᠨ ᠨᠢ ᠳᠠᠷᠠ᠃
ᠡᠭᠦᠨ ᠡᠴᠠ ᠥᠭᠡᠷ᠎ᠡ ᠶᠠᠭᠤ ᠶᠠᠷᠢᠨ᠎ᠠ᠃ ᠶᠠᠭᠤ ᠶᠠᠷᠢᠭᠰᠠᠨ ᠴᠤ ᠣᠤᠠᠬ᠎ᠠ ᠦᠭᠡᠶ ᠪᠣᠯᠤᠭᠰᠠᠨ ᠨᠢ ᠮᠡᠳᠡᠭᠡᠵᠢ ᠶᠢᠨ ᠭᠡᠷᠡᠭ᠌᠃
ᠳᠡᠭᠡᠪᠠᠯ ᠶᠠᠷᠢᠳᠠᠭ ᠳᠠᠷᠠ ᠲᠦᠪ ᠦᠨᠡᠠᠴᠢ ᠨᠢ ᠬᠠᠮᠢᠭ᠎ᠠ᠂ ᠶᠠᠭᠠᠭᠢᠴᠢᠬᠠᠪᠠ ᠳ᠋ᠠ ︖ ᠪᠣᠳᠤᠪᠠᠯ ᠰᠤᠷᠭᠠᠨ ᠭᠦᠮᠦᠵᠢᠯ ᠤᠨ ᠭᠢᠨᠢ ᠳᠤᠰ ᠪᠠᠶᠠᠨ ᠡᠴᠠ ᠯᠠ ᠡᠷᠢᠭᠦ ᠪᠣᠯᠤᠨ᠎ᠠ᠃ ᠣᠴᠢᠷ ᠨᠢ ᠳᠠᠷᠠ᠂ ᠦᠪᠡᠷ ᠤᠨ ᠬᠠᠭᠤᠷᠮᠠᠭᠴᠢ ᠳᠠᠯ᠎ᠠ ᠡᠴᠠ ᠪᠠᠨ ᠪᠣᠯᠤᠭᠠᠤᠨ ᠳᠡᠷᠡᠭᠦ ᠠᠭᠤᠤ ᠶᠡᠭᠡ ᠲᠦᠪ ᠦᠨᠡᠠᠴᠢ ᠪᠠᠨ ᠭᠦᠮᠦᠵᠢᠭᠦᠯᠤᠨ ᠳᠡᠯᠭᠡᠷᠡᠭᠦᠯᠵᠤ ᠴᠢᠳᠠᠭᠰᠠᠨ ᠦᠭᠡᠶ᠃ ᠡᠨᠡ ᠪᠣᠯ ᠮᠠᠰᠢ ᠶᠡᠭᠡ ᠬᠠᠷᠠᠮᠰᠠᠯ ᠪᠣᠯᠤᠨ᠎ᠠ᠃
ᠥᠵᠡᠭᠦ ᠦᠭᠡᠶ ᠦᠦ᠂ ᠳᠤᠮᠳᠠᠳᠤ ᠶᠢᠨ ᠬᠠᠮᠤᠭ ᠳᠡᠭᠡᠳᠤ ᠠᠷᠭ᠎ᠠ ᠣᠬᠠᠭᠠᠨ᠂ ᠣᠷ᠎ᠠ ᠮᠡᠷᠭᠡᠵᠢᠯ ᠪᠣᠯᠤᠭᠰᠠᠨ ᠰᠢᠯᠭᠠᠯᠳᠠ ᠶᠢᠨ ᠳᠦᠷᠢᠮ ᠨᠢ ᠶᠠᠭᠤ ᠪᠣᠯᠵᠤ ᠭᠦᠭ᠍ᠵᠢᠪᠡ᠃ ᠴᠥᠭᠡᠨ ᠭᠦᠮᠦᠰ ᠤᠨ ᠳᠤᠭᠯᠠᠭᠠᠮ ᠪᠣᠯᠵᠤ᠂ ᠣᠯᠠᠨ ᠭᠦᠮᠦᠰ ᠤᠨ ᠥᠷᠡᠭ᠍ᠳᠡᠯ ᠪᠣᠯᠤᠭᠰᠠᠨ ᠳᠠᠳᠤᠢ᠃
ᠳᠡᠭᠡᠭᠦ ᠳᠤ ᠪᠢᠳᠠ ᠪᠦᠭᠦᠨ ᠳᠠᠷᠤᠢ ᠭᠡᠯᠡᠭᠡᠤᠨ ᠰᠤᠷᠤᠭᠰᠠᠨ ᠳᠡᠷᠡᠭᠦ ᠰᠤᠷᠭᠠᠨ ᠭᠦᠮᠦᠵᠢᠯ ᠤᠨ ᠶᠢᠡᠨ ᠬᠠᠭᠤᠷᠮᠠᠭ ᠦᠢᠯᠡᠳᠬᠦᠨ ᠨᠢ ᠪᠣᠯᠤᠭᠰᠠᠨ ᠯᠠ ᠳᠠᠳᠤᠢ ᠰᠢᠳᠠ᠃ ᠥᠭᠡᠷ᠎ᠡ ᠶᠠᠭᠤ ᠴᠤ ᠪᠢᠰᠢ ᠶᠤᠮ᠃
ᠵᠤᠬᠢᠶᠠᠭᠴᠢ ᠶᠢᠨ ᠬᠠᠶᠢᠭ ᠄ ᠬᠠᠭᠤᠴᠢᠨ ᠪᠠᠷᠭᠤ ᠬᠤᠰᠢᠭᠤ
ᠵᠤᠬᠢᠶᠠᠭᠴᠢ᠄ ᠵᠠᠢ᠌ᠳᠠᠩᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠥᠭᠥᠯᠡᠯ ᠰᠢᠭᠦᠮᠵᠢᠳᠠᠷᠤᠮ᠄ 66603
ᠴᠠᠭ᠄ 2012 ᠤᠨ ᠤ 09 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ