ᠨᠡᠪᠲᠡᠷᠡᠨ ᠤᠷᠤᠬᠤ
ᠨᠤᠲᠤᠭ ᠶᠢᠠᠨ ᠰᠢᠯᠦᠭᠵᠢᠭᠦᠯᠦᠭᠰᠡᠨ ᠬᠡᠰᠢᠭ᠍ᠲᠡᠨ ᠰᠢᠯᠦᠭᠴᠢ ᠶᠢᠨ ᠰᠢᠯᠦᠭ ᠢ ᠤᠩᠰᠢᠭᠰᠠᠨ ᠲᠦᠷᠦᠭᠳᠡᠯ

《ᠬᠤᠩᠭᠢᠷᠠᠤᠨ᠂ ᠭᠡᠰᠢᠭ᠍ᠳᠡᠨ᠂ ᠪᠠᠶᠡᠡᠵᠢᠷᠦᠭᠡ ᠶᠢᠨ ᠭᠠᠴᠤᠷ᠎ᠠ》 ᠭᠡᠳᠡᠭ᠌ ᠰᠢᠯᠦᠭ᠌ ᠤᠨ ᠳᠡᠭᠦᠪᠦᠷᠢ ᠶᠢ ᠣᠩᠰᠢᠬᠤ ᠪᠠᠷ ᠭᠡᠰᠢᠭ᠍ᠳᠡᠨ ᠨᠤᠳᠤᠭ ᠤᠨ ᠶᠡᠭᠡ ᠪᠠᠢ᠌ᠭᠠᠯᠢ ᠰᠢᠯᠦᠭ᠍ᠵᠢᠭ᠍ᠰᠡᠨ ᠬᠠᠷᠠᠭᠳᠠᠪᠠ᠃ ᠣᠯᠠᠭᠠᠨ ᠭᠠᠴᠤᠷ᠎ᠠ ᠶᠢᠨ ᠰᠢᠭᠣᠢ᠌ᠤᠨ ᠨᠢ ᠣᠩᠰᠢᠭᠰᠠᠨ ᠮᠢᠨᠤ ᠰᠠᠤᠠᠭᠢᠯ ᠳᠤ ᠰᠢᠭᠣᠢ᠌ᠷᠠᠵᠤ᠂ ᠳᠠᠯᠠᠢ ᠨᠠᠭᠤᠷ ᠴᠡᠭᠡᠵᠢᠨ ᠳᠤ ᠮᠢᠨᠢ ᠳᠠᠪᠠᠯᠭᠠᠯᠠᠪᠠ᠃

ᠭᠠᠯᠠᠭᠤᠳᠤ ᠨᠠᠭᠤᠷ ᠡ᠂ ᠳᠠᠯᠠᠢ ᠨᠠᠭᠤᠷ

ᠭᠤᠶᠤᠮᠰᠤᠭ ᠵᠢᠰᠤ ᠪᠠᠨ ᠳᠡᠯᠡᠭᠡᠢ ᠳᠠᠶᠠᠭᠠᠷ ᠲᠤ ᠠᠯᠳᠠᠷᠰᠢᠭᠤᠯᠤᠭᠰᠠᠨ ᠨᠠᠭᠤᠷ ᠡ

ᠭᠠᠯᠳᠠᠭᠳᠠᠭᠰᠠᠨ ᠴᠤ ᠭᠠᠠᠳᠢᠭ ᠴᠢᠯᠠᠭᠤᠨ ᠰᠠᠭᠤᠷᠢ ᠨᠢ ᠮᠥᠩᠭᠡᠷᠡᠭᠦ

ᠭᠠᠢ᠌ᠬᠠᠮᠰᠢᠭᠳᠤ ᠶᠤᠸᠠᠨ ᠤ ᠪᠠᠷᠰ ᠬᠤᠳᠠ ᠪᠠᠨ ᠥᠯᠢᠭᠡᠷᠯᠡᠭ᠍ᠰᠡᠨ ᠨᠠᠭᠤᠷ ᠡ᠃

ᠡᠨᠡ ᠪᠣᠯ ᠰᠢᠯᠦᠭ᠍ᠴᠢ ᠪᠦᠭᠡᠵᠢᠷᠭᠠᠯ ᠤᠨ《ᠳᠠᠯᠠᠢ ᠨᠠᠭᠤᠷ ᠮᠢᠨᠢ》 ᠭᠡᠭ᠍ᠴᠢ ᠰᠢᠯᠦᠭ᠌ ᠤᠨ ᠳᠤᠳᠤᠷᠠᠭᠢ ᠨᠢᠭᠡᠨ ᠪᠠᠳᠠᠭ ᠨᠢ ᠶᠤᠮ᠃ ᠳᠡᠦᠭᠡᠳᠤ ᠨᠤᠳᠤᠭ ᠤᠨ ᠰᠢᠯᠦᠭ᠍ᠴᠢ ᠡᠵᠡᠨ ᠨᠢ ᠨᠤᠳᠤᠭ ᠤᠨ ᠳᠡᠦᠭᠡ ᠶᠢᠨ ᠰᠤᠷᠭᠠᠮᠵᠢ ᠡᠴᠡ ᠪᠠᠨ ᠳᠤᠷᠠᠰᠤᠮᠵᠢ ᠠᠪᠴᠤ ᠰᠢᠯᠦᠭ᠌ ᠤᠨ ᠠᠬᠤᠢ ᠪᠠᠨ ᠡᠭᠢᠯᠡᠵᠤ ᠪᠠᠢ᠌ᠨ᠎ᠠ᠃ ᠡᠨᠡ ᠪᠣᠯ ᠰᠢᠯᠦᠭ᠍ᠴᠢ ᠪᠦᠭᠡᠵᠢᠷᠭᠠᠯ ᠶᠠᠷᠤᠨᠢ ᠨᠢ ᠨᠤᠳᠤᠭ ᠤᠨ ᠶᠢᠡᠨ ᠳᠦᠯᠦᠭᠡ 《ᠦᠪᠡᠷ ᠤᠨ ᠨᠢᠭᠡ ᠨᠠᠰᠤᠨ ᠤ ᠪᠠᠨ ᠠᠵᠢᠯ ᠠᠮᠢᠳᠤᠷᠠᠯ ᠳᠠᠭᠠᠨ ᠬᠠᠷᠢᠭᠤᠴᠠᠯᠭ᠎ᠠ ᠶᠢ ᠳᠡᠭᠡᠳᠦᠯᠡᠵᠤ ᠶᠠᠪᠣᠭᠰᠠᠨ ᠭᠦᠮᠤᠨ》 〔 ᠭᠤ᠋·ᠰᠠᠢ᠌ᠠᠪᠠᠶᠠᠷ ᠭᠤᠸᠠᠢ ᠶᠢᠨ ᠳᠤᠰ ᠨᠤᠮ ᠳᠤ ᠪᠢᠴᠢᠭ᠍ᠰᠡᠨ ᠣᠷᠤᠰᠢᠯ ᠤᠨ ᠳᠤᠳᠤᠷᠠᠭᠢ ᠥᠭᠡ ᠡᠴᠡ ᠡᠰᠢᠯᠡᠪᠡ 〕ᠪᠣᠯᠬᠤᠷ ᠰᠢᠯᠦᠭ᠌ ᠪᠢᠴᠢᠭᠦ ᠳᠡᠭᠡᠨ ᠭᠦᠷᠳᠡᠯ᠎ᠡ ᠨᠤᠳᠤᠭ ᠤᠨ ᠳᠡᠦᠭᠡ ᠪᠠ ᠠᠬᠤᠢ ᠳᠠᠭᠠᠨ ᠬᠠᠷᠢᠭᠤᠴᠠᠵᠤ ᠪᠢᠴᠢᠨ᠎ᠠ ᠭᠡᠳᠡᠭ᠌ ᠬᠠᠷᠢᠭᠤᠴᠠᠯᠭ᠎ᠠ ᠪᠠᠨ ᠣᠭᠳᠤ ᠠᠯᠳᠠᠬᠤ ᠦᠭᠡᠶ ᠪᠠᠢ᠌ᠨ᠎ᠠ᠃ ᠳᠡᠭᠡᠭᠦ ᠳᠤ ᠡᠨᠡᠭᠦ ᠬᠠᠷᠢᠭᠤᠴᠠᠯᠭ᠎ᠠ ᠨᠢ ᠣᠳᠤ ᠭᠡᠰᠢᠭ᠍ᠳᠡᠨ ᠨᠤᠳᠤᠭ ᠶᠢᠡᠨ《ᠣᠶᠠᠩᠭ᠋᠎ᠠ ᠶᠢᠨ ᠴᠡᠩᠭᠡᠷ ᠭᠡᠰᠢᠭ᠍ᠳᠡᠨ》 ᠪᠣᠯᠭᠠᠵᠤ ᠰᠢᠯᠦᠭ᠌ ᠶᠢᠡᠷ ᠬᠠᠷᠢᠭᠤᠴᠠᠯᠭ᠎ᠠ ᠭᠦᠢᠴᠡᠳᠭᠡᠵᠡᠢ᠄

《ᠳᠡᠭᠡᠳᠦᠰ ᠤᠨ ᠰᠦᠷ ᠶᠢᠡᠨ ᠡᠷᠭᠦᠵᠤ ᠳᠠᠪᠤᠨ ᠬᠠᠢ᠌ᠷᠬᠠᠨ ᠨᠢ ᠰᠥᠡᠳᠡᠷᠯᠡᠭ᠍ᠰᠡᠨ

ᠳᠡᠭ᠍ᠵᠢᠷᠡᠯ ᠤᠨ ᠵᠠᠮ ᠶᠢᠡᠨ ᠡᠯᠭᠦᠵᠤ ᠳᠤᠮᠤᠭᠳᠤ ᠭᠤᠤᠯ ᠤᠳ ᠨᠢ ᠳᠠᠭᠤᠯᠠᠭᠰᠠᠨ

ᠰᠦᠯᠳᠡ ᠭᠡᠢ᠌ᠮᠦᠷᠢ ᠪᠠᠨ ᠪᠣᠰᠬᠠᠵᠤ ᠪᠠᠶᠠᠨ ᠵᠢᠷᠦᠭᠡ ᠨᠢ ᠴᠤᠭᠢᠯᠠᠭᠰᠠᠨ

ᠰᠦ᠋ ᠶᠢᠨ ᠦᠨᠦᠷ ᠶᠢᠡᠨ ᠬᠠᠩᠬᠤᠯᠠᠭᠤᠯᠵᠤ ᠴᠡᠴᠡᠭ᠍ᠳᠤ ᠭᠦᠳᠡᠭᠡ ᠨᠢ ᠳᠡᠷᠭᠡᠯᠰᠢᠭ᠍ᠰᠡᠨ》 ᠪᠠᠶᠠᠯᠢᠭ ᠪᠦᠭᠡᠤᠨ ᠰᠠᠢ᠌ᠬᠠᠨ ᠭᠡᠰᠢᠭ᠍ᠳᠡᠨ ᠨᠤᠳᠤᠭ ᠨᠢ ᠳᠡᠭᠦᠨ ᠤ ᠰᠢᠯᠦᠭ᠌ ᠡᠴᠡ《ᠡᠷᠡᠨ ᠴᠠᠭ ᠤᠨ ᠠᠯᠬᠤᠭᠠᠨ ᠳᠠᠭᠠᠨ ᠭᠦᠭ᠍ᠵᠢᠯ ᠤᠨ ᠵᠢᠪᠬᠤᠭ᠎ᠠ ᠪᠠᠳᠠᠷᠠᠭᠤᠯᠤᠭᠰᠠᠨ》 ᠰᠢᠨ᠎ᠠ ᠳᠦᠷᠢ ᠳᠦᠷᠭᠦ ᠪᠠᠷ ᠶᠢᠡᠨ ᠢᠯᠡᠷᠡᠭᠡᠤᠨ ᠣᠷᠢᠳᠤ ᠶᠢᠨ ᠳᠡᠦᠭᠡᠨ ᠳ᠋ᠠᠭᠢ 《ᠭᠠᠯᠳᠠᠭᠳᠠᠭᠰᠠᠨ》 ᠣᠷᠤᠮ ᠤᠨ ᠭᠤᠨᠢᠶᠠᠯ ᠶᠢᠡᠨ ᠪᠠᠶᠠᠰᠤᠯ ᠶᠢᠡᠷ ᠳᠠᠢ᠌ᠯᠤᠵᠤ ᠥᠭᠡᠳᠡᠯᠡᠭᠦ ᠶᠢᠨ ᠣᠮᠤᠭ ᠵᠤᠷᠢᠭ ᠤᠨ ᠳᠦᠷᠢ ᠪᠠᠷ ᠣᠩᠰᠢᠭᠳᠠᠵᠤ ᠪᠠᠢ᠌ᠨ᠎ᠠ᠃

ᠨᠤᠳᠤᠭ ᠤᠨ ᠶᠢᠡᠨ ᠵᠠᠩᠰᠢᠯ ᠰᠤᠶᠤᠯ ᠢ ᠭᠦᠡᠳᠦᠦᠡᠭᠡᠨ ᠳᠡᠭᠡᠳᠦᠯᠡᠵᠤ᠂ ᠡᠷᠭᠢᠮᠨᠡᠨ ᠨᠠᠠᠳᠢᠩᠨᠠᠵᠤ ᠶᠠᠪᠣᠳᠠᠭ ᠰᠢᠯᠦᠭ᠍ᠴᠢ ᠶᠢᠨ ᠪᠢᠷ ᠡᠴᠡ ᠭᠡᠰᠢᠭ᠍ᠳᠡᠨ ᠮᠤᠩᠭ᠋ᠤᠯᠴᠤᠳ ᠤᠨ ᠡᠡᠭ᠌ ᠤᠨ ᠠᠮᠢᠳᠤᠷᠠᠯ ᠤᠨ ᠣᠢ᠌ᠯᠠ ᠶᠠᠪᠣᠳᠠᠯ ᠤᠳ ᠨᠢ ᠭᠦᠷᠳᠡᠯ᠎ᠡ ᠪᠠᠰᠠ ᠡᠡᠭ᠌ ᠤᠨ ᠪᠣᠰᠤ ᠵᠦᠢ ᠶᠤᠰᠤ ᠶᠢ ᠢᠯᠡᠳᠭᠡᠭ᠍ᠰᠡᠨ ᠣᠷᠠᠯᠢᠭ᠂ ᠦᠵᠡᠯ ᠰᠠᠨᠠᠭ᠎ᠠ ᠶᠢᠨ ᠭᠦᠡᠴᠡ ᠲᠡᠶ ᠨᠡᠢ᠌ᠭᠡᠮ ᠤᠨ ᠳᠤᠯᠢᠳᠠᠯ ᠲᠡᠶ ᠰᠢᠯᠦᠭ᠌ ᠪᠣᠯᠵᠤ ᠪᠢᠴᠢᠭ᠍ᠳᠡᠵᠤ ᠪᠣᠢ᠄

ᠠᠮᠠ ᠰᠡᠭᠡᠷ ᠢ ᠨᠢ ᠶᠤᠰᠤ ᠪᠠᠷ ᠨᠡᠢ᠌ᠯᠡᠭᠦᠯᠭᠦ

ᠪᠠᠷᠢᠵᠤ ᠪᠣᠰᠬᠠᠬᠤ ᠱᠠᠭᠠᠷᠳᠠᠯᠭ᠎ᠠ ᠳᠠᠢ

ᠠᠷᠤ ᠡᠮᠦᠨ᠎ᠡ ᠶᠢ ᠨᠢ ᠳᠠᠷᠠᠭᠠᠯᠠᠯ ᠶᠢᠡᠷ ᠭᠦᠢᠴᠡᠳᠭᠡᠭᠦ

ᠪᠦᠷᠢᠵᠤ ᠣᠭᠤᠰᠤᠷᠯᠠᠬᠤ ᠵᠢᠷᠤᠮ ᠳᠠᠢ

ᠠᠴᠢᠶᠠᠯᠠᠨ ᠳᠡᠯᠡᠭᠦ ᠳᠤᠭᠤᠨᠤ ᠤᠨᠢ ᠨᠢ

ᠳᠤᠶᠠᠭᠠᠳᠤ ᠨᠠᠷᠠᠨ ᠤ ᠰᠠᠴᠤᠷᠭᠠᠨ ᠳᠠᠢ

ᠠᠯᠤᠰ ᠢ ᠪᠠᠷᠠᠯᠠᠬᠤ ᠡᠭᠦᠳᠡ ᠬᠠᠭᠠᠯᠭ᠎ᠠ ᠨᠢ

ᠵᠥᠭ᠌ ᠢ ᠰᠤᠩᠭ᠋ᠤᠭᠰᠠᠨ ᠬᠠᠷᠠᠴᠠ ᠳᠠᠢ

ᠭᠦᠭᠡ ᠮᠤᠩᠭ᠋ᠤᠯ ᠤᠨ ᠮᠢᠨᠢ ᠡᠭᠦᠳᠦᠯᠳᠡ

ᠭᠦᠮᠤᠨ ᠪᠠᠢ᠌ᠭᠠᠯᠢ ᠳᠠᠭᠠᠨ ᠵᠤᠭᠢᠴᠠᠯ ᠳᠠᠢ

ᠭᠦᠳᠡᠭᠡ ᠳᠠᠯ᠎ᠠ ᠶᠢᠨ ᠮᠢᠨᠢ ᠪᠠᠷ᠎ᠠ

ᠭᠦᠪᠦᠩ ᠴᠠᠭᠠᠨ ᠮᠤᠩᠭ᠋ᠤᠯ ᠭᠡᠷ ᠮᠢᠨᠢ ᠬᠤᠷᠤᠢ ︕ ᠬᠤᠷᠤᠢ ︕

᠁ ᠁

ᠡᠨᠡ ᠪᠣᠯ ᠰᠢᠯᠦᠭ᠍ᠴᠢ ᠶᠢᠨ《ᠮᠤᠩᠭ᠋ᠤᠯ ᠭᠡᠷ ᠮᠢᠨᠢ ᠬᠤᠷᠤᠢ᠂ ᠬᠤᠷᠤᠢ》 ᠭᠡᠳᠡᠭ᠌ ᠰᠢᠯᠦᠭ᠌ ᠤᠨ ᠳᠤᠳᠤᠷᠠᠭᠢ ᠨᠢᠭᠡᠨ ᠪᠠᠳᠠᠭ ᠨᠢ ᠶᠤᠮ᠃ ᠳᠡᠭᠦᠨ ᠤ ᠡᠨᠡ ᠰᠢᠯᠦᠭ᠌ ᠡᠴᠡ ᠮᠤᠩᠭ᠋ᠤᠯ ᠭᠦᠮᠤᠨ ᠤ ᠠᠮᠢᠳᠤᠷᠠᠯ ᠤᠨ ᠭᠦᠨ ᠣᠬᠠᠭᠠᠨ ᠢᠯᠠᠷᠠᠨ᠎ᠠ᠃ ᠣᠢ᠌ᠯᠠᠰ ᠪᠦᠳᠦᠭᠡᠭᠦ ᠶᠢᠨ ᠠᠯᠬᠤᠮ ᠳᠠᠷᠠᠭ᠎ᠠ ᠰᠡᠳᠭᠢᠭ᠍ᠳᠡᠨ᠎ᠡ᠃ ᠪᠠᠢ᠌ᠭᠠᠯᠠᠢ ᠶᠢᠨ ᠭᠤᠸ᠎ᠠ ᠰᠠᠢ᠌ᠬᠠᠨ ᠪᠠ ᠣᠷᠠᠯᠢᠭ ᠤᠨ ᠭᠤᠸ᠎ᠠ ᠰᠠᠢ᠌ᠬᠠᠨ ᠤ ᠣᠶᠠᠯᠳᠤᠯ ᠣᠩᠰᠢᠭᠳᠠᠨ᠎ᠠ᠃ ᠵᠦᠩ ᠪᠢᠯᠢᠭ᠌ ᠶᠢᠡᠷ ᠮᠡᠳᠡᠷᠡᠭᠦᠢ ᠶᠢᠨ ᠰᠠᠤᠠᠭᠢᠯᠴᠢ ᠶᠤᠰᠤᠨ ᠰᠡᠷᠡᠭ᠍ᠳᠡᠨ᠎ᠡ᠃ ᠡᠨᠡ ᠪᠣᠯ ᠨᠤᠳᠤᠭ ᠰᠤᠶᠤᠯ ᠶᠢᠡᠨ ᠭᠦᠡᠳᠦᠯᠡᠵᠤ ᠳᠡᠭᠡᠳᠦᠯᠡᠵᠤ ᠳᠤᠩᠭ᠋ᠠᠭᠰᠠᠨ ᠤ ᠦᠷ᠎ᠡ ᠳ᠋ᠦ᠋ᠩ ᠡᠴᠡ ᠰᠡᠳᠬᠢᠯᠭᠡ ᠪᠣᠯᠤᠨ ᠰᠠᠨᠠᠭ᠎ᠠ ᠨᠢ ᠣᠷᠠᠯᠢᠭᠵᠢᠵᠤ ᠠᠭᠤᠰᠤᠭᠰᠠᠨ ᠤ ᠴᠢᠳᠠᠪᠣᠷᠢ ᠪᠣᠶᠤ᠃

ᠪᠦᠭᠡᠵᠢᠷᠭᠠᠯ ᠤᠨ ᠰᠢᠯᠦᠭ᠌ ᠤᠳ ᠡᠴᠡ ᠣᠮᠤᠭᠯᠠᠭᠤᠨ ᠵᠢᠪᠬᠤᠭᠠᠯᠢᠭ ᠰᠡᠳᠬᠢᠯᠭᠡ ᠶᠢᠨ ᠳᠦᠷᠢ ᠥᠷᠭᠦᠯᠵᠢ ᠬᠠᠷᠠᠭᠳᠠᠨ᠎ᠠ᠃ ᠳᠡᠭᠦᠨ ᠤ ᠮᠤᠩᠭ᠋ᠤᠯ ᠡᠮᠡᠭᠡᠯ ᠢ ᠪᠢᠴᠢᠭ᠍ᠰᠡᠨ ᠰᠢᠯᠦᠭ᠌ ᠡᠴᠡ《ᠭᠠᠷᠠᠬᠠᠳᠤ ᠤᠯᠦᠡᠭ᠌ ᠢ ᠨᠢ ᠴᠢᠩᠭ᠋ᠠᠯᠠᠬᠤ ᠳᠤ ᠠᠭᠳᠠ ᠶᠢᠨ ᠵᠢᠪᠬᠤᠭ᠎ᠠ ᠶᠢ ᠪᠠᠳᠠᠷᠠᠭᠤᠯᠳᠠᠭ᠂ ᠭᠠᠩ ᠳᠦᠷᠦᠭᠡ ᠶᠢ ᠨᠢ ᠭᠢᠰᠭᠢᠭᠦ ᠳᠤ ᠠᠪᠣ ᠶᠢᠨ ᠭᠦᠤ ᠶᠢ ᠣᠮᠤᠭᠰᠢᠭᠤᠯᠳᠠᠭ》 ᠣᠮᠤᠭᠯᠠᠭᠤᠨ ᠵᠢᠪᠬᠤᠭ᠎ᠠ ᠲᠡᠶ ᠣᠶᠠᠩᠭ᠋᠎ᠠ ᠰᠡᠳᠬᠢᠯᠭᠡ ᠶᠢᠨ ᠳᠦᠷᠢ ᠣᠩᠰᠢᠭᠳᠠᠵᠤ ᠪᠠᠢ᠌ᠨ᠎ᠠ᠃ ᠳᠡᠭᠡᠭᠡᠤᠨ ᠳᠡᠷᠡᠭᠦ ᠣᠮᠤᠭᠯᠠᠭᠤᠨ ᠵᠢᠪᠬᠤᠭᠠᠯᠢᠭ ᠳᠦᠷᠢ ᠨᠢ ᠳᠤᠰᠪᠣᠷᠢ ᠶᠢᠨ ᠳᠤᠰᠤᠴᠠ ᠳᠤᠭᠳᠠᠴᠠ ᠪᠠᠨ ᠣᠯᠬᠤ ᠳᠠᠭᠠᠨ᠄ ᠪᠠᠳᠤ ᠨᠢᠭᠳᠠᠷᠠᠯ ᠤᠨ ᠪᠠᠯᠭᠡᠳᠡᠯ〔ᠡᠮᠡᠭᠡᠯ ᠤᠨ ᠬᠠᠪᠳᠠᠰᠤ ᠪᠦᠭᠦᠷᠭᠡ〕᠂ ᠭᠢᠮᠠᠭ᠎ᠠ ᠬᠠᠢ᠌ᠷ᠎ᠠ ᠶᠢᠨ ᠰᠤᠶᠤᠷᠬᠠᠯ〔ᠳᠤᠬᠤᠮ〕ᠪᠣᠯᠵᠤ᠂ ᠮᠤᠩᠭ᠋ᠤᠯᠴᠤᠳ ᠵᠠᠪᠠᠯ ᠳᠡᠭᠡᠳᠦᠰ ᠡᠴᠡ ᠨᠢ ᠥᠯᠡᠳᠡᠭᠡᠭ᠍ᠰᠡᠨ ᠦᠪ ᠡᠷᠳᠡᠨᠢ ᠮᠤᠩᠭ᠋ᠤᠯ ᠨᠤᠳᠤᠭ— ᠮᠤᠩᠭ᠋ᠤᠯ ᠡᠮᠡᠭᠡᠯ ᠶᠢᠡᠨ ᠥᠷᠭᠦᠯᠵᠢ ᠰᠠᠤᠠᠭᠢᠮᠵᠢᠯᠠᠵᠤ ᠪᠣᠳᠤᠯᠭᠢᠯᠠᠬᠤ᠂ ᠨᠢᠭᠳᠠᠯᠠᠵᠤ ᠣᠬᠠᠭᠠᠷᠠᠬᠤ ᠶᠢᠨ ᠭᠢᠴᠢᠶᠠᠯ ᠪᠣᠯᠭᠠᠵᠤ ᠭᠦᠡᠳᠦᠦᠡᠭᠡᠭᠦ ᠣᠴᠢᠷ ᠲᠡᠶ ᠭᠡᠵᠤ ᠣᠩᠰᠢᠭᠴᠢᠳ ᠤᠨ ᠰᠠᠤᠠᠭᠢᠯ ᠳᠤ ᠬᠤᠨᠤᠭᠰᠢᠳᠠᠯ᠎ᠠ ᠪᠢᠴᠢᠭ᠍ᠰᠡᠨ ᠪᠠᠢ᠌ᠨ᠎ᠠ᠃

ᠪᠦᠭᠡᠵᠢᠷᠭᠠᠯ ᠪᠣᠯ ᠪᠠᠭᠰᠢ ᠶᠠᠪᠣᠭᠰᠠᠨ ᠭᠦᠮᠤᠨ᠃ ᠪᠠᠭᠰᠢ ᠭᠦᠮᠤᠨ ᠤ ᠬᠠᠷᠢᠭᠤᠴᠠᠯᠭ᠎ᠠ ᠪᠣᠯ ᠰᠤᠷᠤᠭᠴᠢᠳ ᠶᠢᠡᠨ ᠰᠤᠷᠭᠠᠨ ᠭᠦᠮᠦᠵᠢᠭᠦᠯᠭᠦ ᠶᠠᠪᠣᠳᠠᠯ᠃ ᠰᠤᠷᠤᠭᠴᠢᠳ ᠤᠨ ᠰᠤᠷᠤᠯᠴᠠᠵᠤ ᠶᠠᠭᠠᠷᠠᠬᠤ ᠶᠢ ᠬᠠᠷᠠᠬᠤ ᠪᠠᠷ ᠪᠠᠭᠰᠢ ᠭᠦᠮᠤᠨ ᠤ ᠰᠠᠤᠠᠭᠢᠯ ᠪᠠᠶᠠᠰᠤᠨ᠎ᠠ᠃ ᠳᠡᠭᠡᠭᠦ ᠪᠠᠷ ᠳᠡᠭᠦᠨ ᠤ《ᠮᠤᠩᠭ᠋ᠤᠯ ᠨᠤᠳᠤᠭ ᠤᠨ ᠬᠠᠪᠣᠷ ᠶᠠᠭᠠᠷᠠᠨ᠎ᠠ》 ᠭᠡᠳᠡᠭ᠌ ᠭᠡᠰᠢᠭ᠍ᠳᠡᠨ ᠨᠤᠳᠤᠭ ᠲᠤ ᠬᠠᠪᠣᠷ ᠰᠠᠭᠠᠳᠤᠭᠰᠠᠨ ᠪᠠᠢ᠌ᠭᠠᠯᠢ ᠶᠢ ᠪᠢᠴᠢᠭ᠍ᠰᠡᠨ ᠰᠢᠯᠦᠭ᠌ ᠳᠤᠨᠢ ᠪᠠᠰᠠ ᠳᠡᠭᠦᠨ ᠤ ᠳᠡᠷᠡᠭᠦ ᠬᠠᠷᠢᠭᠤᠴᠠᠯᠭ᠎ᠠ ᠶᠢᠨ ᠰᠠᠤᠠᠭᠢᠯ ᠨᠢ ᠰᠢᠯᠦᠭ᠌ ᠤᠨ ᠰᠡᠳᠬᠢᠯᠭᠡ ᠶᠢᠨ ᠪᠦᠷᠢᠯᠳᠦᠭᠦᠨ ᠪᠣᠯᠵᠤ ᠣᠷᠤᠯᠴᠠᠭᠰᠠᠨ ᠪᠠᠢ᠌ᠬᠤ ᠶᠤᠮ ᠪᠢᠯᠠ᠄

《ᠭᠠᠯᠪᠠ ᠳᠡᠯᠡᠭᠡᠢ ᠶᠢᠨ ᠭᠦᠰᠡᠯ ᠤᠨ ᠨᠠᠷᠠ

ᠪᠠᠭᠠᠴᠤᠳ ᠭᠡᠦᠭᠡᠤᠨ ᠰᠤᠷᠤᠯᠴᠠᠵᠤ ᠶᠠᠭᠠᠷᠠᠨ᠎ᠠ

ᠭᠠᠩᠭᠠᠩ ᠭᠦᠳᠡᠭᠡ ᠶᠢᠨ ᠳᠡᠷᠭᠡᠯ ᠰᠠᠷᠠ

ᠡᠩᠭᠡ ᠠᠮᠤᠭᠤᠯᠠᠩ ᠠᠮᠢᠳᠤᠷᠠᠯ ᠶᠠᠭᠠᠷᠠᠨ᠎ᠠ

ᠳᠠᠯ᠎ᠠ ᠨᠤᠳᠤᠭ ᠤᠨ ᠮᠥᠩᠭᠡ ᠬᠠᠪᠣᠷ

ᠠᠯᠤᠰ ᠢ ᠵᠤᠷᠢᠨ ᠣᠷᠤᠰᠴᠤ ᠶᠠᠭᠠᠷᠠᠨ᠎ᠠ

ᠳᠠᠩᠰᠤᠭ ᠪᠠᠢ᠌ᠭᠠᠯᠢ ᠶᠢᠨ ᠵᠤᠨ ᠢ ᠣᠭᠳᠤᠬᠤ ᠪᠠᠷ

ᠮᠤᠩᠭ᠋ᠤᠯ ᠨᠤᠳᠤᠭ ᠤᠨ ᠬᠠᠪᠣᠷ ᠶᠠᠭᠠᠷᠠᠨ᠎ᠠ》 ᠭᠡᠵᠤ ᠳᠤᠰ ᠰᠢᠯᠦᠭ᠌ ᠳᠤᠨᠢ ᠪᠢᠴᠢᠭ᠍ᠳᠡᠵᠤ ᠪᠣᠢ᠃ ᠮᠤᠩᠭ᠋ᠤᠯ ᠨᠤᠳᠤᠭ ᠤᠨ ᠬᠠᠪᠣᠷ ᠤᠨ ᠲᠦᠮᠡᠨ ᠰᠠᠢ᠌ᠬᠠᠨ ᠶᠠᠭᠠᠷᠠᠤ ᠶᠢᠨ ᠳᠡᠭᠡᠷ᠎ᠡ ᠭᠦᠮᠤᠨ ᠲᠦᠮᠡᠨ ᠤ ᠭᠦᠰᠡᠯ ᠤᠨ ᠨᠠᠷᠠ ᠪᠣᠯᠤᠭᠰᠠᠨ ᠭᠡᠦᠭᠡᠤᠨ ᠪᠠᠭᠠᠴᠤᠳ ᠰᠤᠷᠤᠯᠴᠠᠵᠤ ᠶᠠᠭᠠᠷᠠᠬᠤ ᠶᠢᠨ ᠰᠠᠢ᠌ᠬᠠᠨ ᠣᠷᠤᠯᠴᠠᠭᠰᠠᠨ ᠡᠴᠡ ᠪᠣᠯᠵᠤ ᠡᠨᠡ ᠰᠢᠯᠦᠭ᠌ ᠣᠯᠠᠮ ᠭᠤᠶᠤ ᠭᠦᠭ᠍ᠵᠢᠭᠦᠨ᠂ ᠵᠢᠰᠦᠯᠢᠭ᠌ ᠢᠳᠠᠪᠭᠢᠳᠠᠢ ᠪᠣᠯᠴᠢᠬᠠᠪᠠ᠃ ᠭᠦᠰᠡᠯ ᠤᠨ ᠨᠠᠷᠠ ᠶᠢ ᠰᠢᠯᠦᠭ᠌ ᠲᠡᠭᠡᠨ ᠳᠤᠯᠠᠢ᠌ᠯᠭᠠᠭᠰᠠᠨ ᠶᠢᠡᠷ ᠠᠮᠢᠳᠤᠷᠠᠯ ᠤᠨ ᠬᠠᠪᠣᠷ — ᠡᠩᠭᠡ ᠠᠮᠤᠭᠤᠯᠠᠩ ᠰᠢᠯᠦᠭ᠍ᠵᠢᠨ᠎ᠡ ᠨᠤᠳᠤᠭ ᠤᠨ ᠬᠠᠪᠣᠷ— ᠰᠠᠢ᠌ᠬᠠᠨ ᠮᠦᠰᠢᠶᠠᠵᠤ ᠰᠢᠯᠦᠭ᠍ᠵᠢᠨ᠎ᠡ ᠬᠠᠪᠣᠷ— ᠳᠠᠩᠰᠤᠭ ᠵᠤᠨ ᠢ ᠣᠭᠳᠤᠵᠤ᠂ ᠳᠠᠩᠰᠤᠭ ᠪᠠᠢ᠌ᠭᠠᠯᠢ ᠶᠢᠨ ᠵᠤᠨ ᠳᠠᠭᠠᠨ ᠬᠠᠪᠣᠷ ᠣᠯᠠᠷᠢᠵᠤ ᠣᠶᠠᠰᠤᠭᠠᠤᠨ᠂ ᠭᠦᠰᠡᠯ ᠰᠠᠤᠠᠭᠢᠯ ᠤᠨ ᠪᠦᠷᠢᠨ ᠪᠦᠳᠤᠨ ᠰᠠᠢ᠌ᠨ ᠰᠠᠢ᠌ᠬᠠᠨ ᠤ ᠪᠠᠯᠭᠡᠳᠡᠯ ᠪᠣᠯᠤᠭᠰᠠᠨ ᠬᠠᠪᠣᠷ ᠨᠢ ᠨᠡᠢ᠌ᠭᠡᠮ ᠠᠮᠢᠳᠤᠷᠠᠯ ᠤᠨ ᠭᠦᠮᠤᠨ ᠤ ᠰᠠᠤᠠᠭᠢᠯ ᠳᠤ ᠰᠢᠯᠦᠭ᠌ ᠶᠢᠡᠷ ᠣᠷᠤᠩᠨᠠᠵᠤ ᠣᠩᠰᠢᠭᠳᠠᠨ᠎ᠠ᠃

《ᠬᠤᠩᠭᠢᠷᠠᠤᠨ᠂ ᠭᠡᠰᠢᠭ᠍ᠳᠡᠨ᠂ ᠪᠠᠶᠡᠡᠵᠢᠷᠦᠭᠡ ᠶᠢᠨ ᠭᠠᠴᠤᠷ᠎ᠠ》 ᠭᠡᠭ᠍ᠴᠢ ᠰᠢᠯᠦᠭ᠌ ᠤᠨ ᠳᠡᠭᠦᠪᠦᠷᠢ ᠶᠢ ᠣᠩᠰᠢᠭᠰᠠᠨ ᠨᠢᠭᠡᠨ ᠣᠩᠰᠢᠭᠴᠢ ᠶᠢᠨ ᠬᠤᠪᠢ ᠳᠤ ᠨᠤᠮ ᠳ᠋ᠠᠭᠢ ᠰᠢᠯᠦᠭ᠌ ᠤᠳ ᠡᠴᠡ ᠣᠯᠤᠭᠰᠠᠨ ᠭᠦᠷᠳᠡᠮᠵᠢ ᠲᠤᠩ ᠡᠶᠡᠷᠡᠭᠦᠨ ᠪᠠᠢ᠌ᠨ᠎ᠠ᠃ 《ᠮᠤᠳᠤ ᠣᠷᠭᠤᠮᠠᠯ ᠤᠨ ᠴᠥᠭᠡᠨ ᠳᠤᠭᠠᠳᠠᠨ ᠤ ᠨᠢᠭᠡ᠂ ᠮᠢᠨᠤ ᠨᠤᠳᠤᠭ ᠤᠨ ᠪᠠᠶᠡᠡᠵᠢᠷᠦᠭᠡ ᠶᠢᠨ ᠭᠠᠴᠤᠷ᠎ᠠ》 ᠭᠡᠭ᠍ᠴᠢ ᠮᠦᠷ ᠪᠠᠳᠠᠭ ᠤᠨ ᠴᠠᠭᠠᠨ᠎ᠠ ᠨᠢ ᠪᠠᠰᠠ 《ᠬᠤᠭᠤᠷᠠᠬᠤ ᠡᠴᠡ ᠪᠢᠰᠢ ᠨᠤᠭᠤᠷᠠᠬᠤ ᠦᠭᠡᠶ ᠬᠠᠳᠠᠭᠤ ᠶᠠᠰᠤᠳᠠᠨ ᠤ ᠪᠠᠯᠭᠡᠳᠡᠯ ᠲᠡᠶ》 ᠢᠳᠡᠷᠭᠡᠭ᠌ ᠭᠦᠴᠤᠨ ᠤ ᠭᠦᠨ ᠰᠠᠨᠠᠭ᠎ᠠ ᠨᠢ ᠭᠤᠶᠤ ᠪᠦᠭᠡᠤᠨ ᠰᠥᠰᠦᠯᠢᠭ᠌ ᠳᠠᠯᠳᠠᠯᠠᠭᠳᠠᠵᠤ ᠪᠠᠢ᠌ᠭ᠎ᠠ ᠶᠢ ᠱᠤᠬᠤᠭᠤᠷᠬᠠᠬᠤ ᠳᠤᠰᠤᠮ᠎ᠠ ᠡᠨᠡ ᠰᠢᠯᠦᠭ᠌ ᠤᠨ ᠳᠡᠭᠦᠪᠦᠷᠢ ᠣᠯᠠᠮ ᠣᠩᠰᠢᠭᠤᠷᠢᠳᠠᠢ ᠪᠣᠯᠤᠭᠠᠤᠨ ᠪᠠᠢ᠌ᠬᠤ ᠶᠤᠮ᠃ ᠭᠦᠴᠦᠷᠭᠡᠭ᠌ ᠣᠭᠰᠠᠭᠠᠳᠠᠨ ᠤ ᠵᠤᠷᠢᠭ ᠰᠦᠰᠦ ᠶᠢᠨ ᠪᠠᠯᠭᠡᠳᠡᠯ ᠮᠥᠷᠳᠡᠭᠡᠨ ᠮᠤᠩᠭ᠋ᠤᠯ ᠨᠤᠳᠤᠭ ᠤᠨ ᠣᠢ ᠮᠤᠳᠤᠳ ᠤᠨ ᠪᠠᠯᠭᠡᠳᠡᠯᠳᠤ ᠳᠦᠷᠢ ᠪᠣᠯᠤᠭᠰᠠᠨ ᠭᠠᠴᠤᠷ᠎ᠠ ᠪᠠᠷ ᠨᠡᠷᠡᠢ᠌ᠳᠦᠭ᠍ᠰᠡᠨ ᠡᠨᠡ ᠰᠢᠯᠦᠭ᠌ ᠤᠨ ᠳᠡᠭᠦᠪᠦᠷᠢ ᠶᠢ ᠣᠩᠰᠢᠬᠤ ᠳᠠᠭᠠᠨ《ᠬᠠᠳᠠᠭᠤ ᠶᠠᠰᠤᠳᠠᠨ ᠤ ᠪᠠᠯᠭᠡᠳᠡᠯ ᠪᠣᠯᠤᠭᠰᠠᠨ》 ᠳᠠᠷᠠ ᠰᠢᠭᠤᠢ ᠮᠤᠳᠤᠨ ᠳᠤ ᠰᠠᠤᠠᠭᠢᠯ ᠤᠨ ᠰᠠᠴᠤᠯᠢ ᠪᠣᠯᠭᠠᠵᠤ ᠡᠨᠡᠭᠦ ᠳᠦᠷᠦᠭ᠍ᠳᠡᠯ ᠶᠢᠡᠨ ᠪᠢᠴᠢᠪᠠ ᠰᠢᠤ ᠪᠢ᠃

2010 ᠣᠨ ᠤ 1 ᠰᠠᠷ᠎ᠠ ᠶᠢᠨ 9 ᠳ᠋ᠤ ᠴᠢᠪᠠᠭ᠎ᠠ ᠳ᠋ᠤ

ᠬᠠᠶ‍ᠢᠭ ᠄ ᠠᠷᠤ ᠬᠤᠷᠴᠢᠨ ᠬᠤᠰᠢᠭᠤᠨ ᠤ ᠰᠤᠨᠢᠨ ᠤ ᠬᠤᠷᠢᠶ᠎ᠠ


ᠵᠤᠬᠢᠶᠠᠭᠴᠢ᠄ ᠤ·ᠪᠤᠶᠠᠨ‍ᠦ᠌ᠯᠵᠡᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 12085
ᠴᠠᠭ᠄ 2010 ᠤᠨ ᠤ 03 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ