ᠨᠡᠪᠲᠡᠷᠡᠨ ᠤᠷᠤᠬᠤ
ᠮᠥᠭᠦᠯ

ᠳᠡᠭ᠍ᠷᠢ ᠶᠢᠨ ᠬᠠᠶᠠᠭᠠᠨ ᠳᠤ

      ᠪᠠᠷᠠᠭᠠᠨ ᠡᠭᠦᠯᠡ ᠨᠠᠳᠣᠢ᠌ᠨ᠎ᠡ᠂   

  ᠥᠡᠳᠦᠷᠯᠢᠭ᠌ ᠤᠨ ᠡᠩᠭᠡᠷ ᠲᠤ

        ᠭᠠᠯ ᠰᠢᠳᠠᠵᠤ ᠣᠯᠠᠢ᠌ᠨ᠎ᠠ᠃   

ᠪᠢ ᠯᠠ

    ᠪᠣᠰᠤᠭ᠎ᠠ ᠵᠤᠭᠰᠤᠵᠤ

        ᠴᠠᠭᠢᠯᠠᠭᠠᠨ ᠰᠢᠷᠳᠠᠨ᠎ᠡ᠃   

ᠠᠯᠤᠰ ᠤᠨ ᠠᠭᠤᠯᠠᠨ ᠳᠤ

      ᠠᠶᠤᠩᠭ᠎ᠠ ᠨᠢᠵᠢᠩᠭᠢᠨᠠᠨ᠎ᠠ᠂   

  ᠬᠠᠩᠭ᠋ᠠᠢ ᠨᠤᠳᠤᠭ ᠲᠤ

         ᠬᠠᠷ᠎ᠠ ᠣᠳᠤᠭ᠎ᠠ ᠪᠣᠷᠭᠢᠨ᠎ᠠ᠃   

ᠪᠢ ᠯᠠ

      ᠡᠭ᠍ᠴᠡ ᠰᠢᠷᠳᠠᠵᠤ

         ᠰᠢᠭᠤᠷᠭ᠎ᠠ ᠠᠵᠢᠨ᠎ᠠ᠃   

ᠳᠠᠯᠠᠪᠴᠢ ᠬᠤᠭᠤᠷᠠᠭᠰᠠᠨ ᠪᠦᠷᠭᠦᠤᠨ

       ᠬᠠᠳᠠ ᠡᠷᠢᠵᠤ ᠳᠠᠯᠳᠠᠩᠭᠢᠨᠠᠨ᠎ᠠ᠂   

ᠭᠡᠭᠡᠷ᠎ᠡ ᠶᠢᠨ ᠡᠪᠠᠰᠤ ᠬᠤᠪᠬᠠᠢ᠌ᠷᠠᠵᠤ

          ᠪᠠᠳᠠᠭᠠᠨ᠎ᠠ ᠰᠢᠮᠠᠭᠤᠯ ᠭᠠᠯᠵᠢᠭᠤᠷᠠᠨ᠎ᠠ᠃   

ᠪᠢ ᠯᠠ

       ᠮᠤᠳᠤᠨ ᠰᠠᠯᠠᠭ᠎ᠠ ᠳᠤ ᠡᠯᠭᠦᠭ᠍ᠳᠡᠵᠤ

          ᠥᠭᠦᠯ ᠭᠦᠯᠢᠶᠡᠵᠤ ᠠᠮᠢᠰᠬᠤᠨ᠎ᠠ᠃

  

ᠰᠡᠭᠦᠯ ᠶᠢᠡᠨ ᠬᠠᠪᠴᠢᠭᠰᠠᠨ ᠴᠢᠨ᠋ᠸ᠎ᠠ

       ᠭᠤᠪᠢ ᠵᠢᠯᠠᠭ᠎ᠠ ᠳᠤ ᠰᠢᠷᠭᠤᠨ᠎ᠠ᠂   

ᠭᠦᠭᠡᠮᠳᠦᠭ᠌ ᠳᠠᠯ᠎ᠠ ᠰᠢᠷᠠᠯᠠᠵᠤ

          ᠮᠡᠯᠡᠭᠡᠢ ᠠᠭᠠᠯᠵᠢ ᠡᠵᠢᠳᠦᠨ᠎ᠡ᠃   

ᠪᠢ ᠯᠠ

       ᠮᠠᠩᠬᠠᠨ ᠳᠤᠤᠷ᠎ᠠ ᠪᠣᠯᠠᠭᠳᠠᠵᠤ

          ᠮᠥᠭᠦᠯ ᠪᠣᠯᠵᠤ ᠳᠤᠨᠢᠯᠠᠨ᠎ᠠ᠃


ᠵᠤᠬᠢᠶᠠᠭᠴᠢ ᠶᠢᠨ ᠬᠠ‍‌ᠶᠢᠭ ᠄ ᠲᠦᠰᠢᠶᠠᠳᠤ

ᠵᠤᠬᠢᠶᠠᠭᠴᠢ᠄ ᠥᠡᠳᠦᠷᠯᠢᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 11240
ᠴᠠᠭ᠄ 2014 ᠤᠨ ᠤ 03 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ