ᠨᠡᠪᠲᠡᠷᠡᠨ ᠤᠷᠤᠬᠤ
ᠰᠢᠨᠡᠬᠡᠨ ᠬᠤᠲᠠ
ᠦᠵᠡᠭᠳᠡᠯ ᠲᠡᠳᠦᠢ


ᠬᠤᠲᠠ᠂

ᠤᠳᠣ ᠨᠢ ᠨᠣᠢᠷᠮᠣᠭᠯᠠᠳᠠᠭ

ᠮᠣᠳᠣ ᠨᠢ ᠨᠡᠭᠦᠳᠡᠯᠯᠡᠳᠡᠭ᠃


ᠬᠤᠲᠠ᠂

ᠲᠡᠭᠷᠢ ᠨᠢ ᠪᠠᠴᠢᠮᠳᠠᠳᠠᠭ

ᠵᠡᠭᠡᠯᠢ ᠨᠢ ᠣᠷᠪᠠᠯᠵᠠᠳᠠᠭ᠃


ᠬᠤᠲᠠ᠂

ᠡᠳᠦᠷ ᠨᠢ ᠨᠡᠳᠦᠭᠡᠨᠡᠳᠡᠭ

ᠦᠳᠡᠰᠢ ᠨᠢ ᠭᠢᠯᠠᠯᠵᠠᠳᠠᠭ᠃


ᠬᠤᠲᠠ᠂

ᠪᠦᠷᠦᠢ ᠪᠠᠷ ᠳᠠᠩᠭᠢᠨᠠᠳᠠᠭ

ᠦᠷ ᠢᠶᠠᠷ ᠠᠨᠢᠷᠯᠠᠳᠠᠭ᠃


ᠬᠤᠲᠠ᠂

ᠠᠯᠪᠠᠨ ᠨᠣᠶᠠᠨ ᠨᠢ ᠤᠮᠳᠠ ᠣᠣᠭᠣᠵᠣ ᠰᠠᠭᠤᠨ᠎ᠠ

ᠠᠮᠤᠷ ᠬᠠᠮᠠᠭᠠᠯᠠᠭᠴᠢ ᠨᠢ ᠨᠢᠷᠦᠭᠣ ᠡᠭᠦᠷᠴᠦ ᠵᠣᠭᠰᠣᠨ᠎ᠠ᠃


ᠬᠤᠲᠠ᠂

ᠡᠷᠬᠡ ᠲᠠᠢ ᠨᠢ ᠪᠡᠷᠬᠡ

ᠡᠷᠬᠡ ᠦᠭᠡᠢ  ᠨᠢ《 ᠲᠡᠨᠡᠭ》᠃


ᠬᠤᠲᠠ᠂

ᠨᠢᠭᠡ  ᠬᠠᠭᠠᠨ ᠴᠡᠴᠡᠷᠯᠢᠭ ᠲᠦ ᠣᠴᠢᠬᠤ ᠳ᠋ᠥ

ᠳᠥᠷᠪᠡᠨ ᠪᠣᠭᠣᠯ ᠳᠠᠭᠠᠵᠤ ᠨᠡᠬᠡᠨ᠎ᠡ᠃


ᠬᠤᠲᠠ᠂

ᠡᠮᠦᠨᠡᠰᠢ ᠬᠠᠷᠠᠭᠰᠠᠨ ᠲᠢᠩᠬᠢᠮ ᠤᠨ

ᠠᠷᠣ ᠡᠴᠡ ᠨᠢ  ᠤᠷᠤᠵᠤ ᠭᠠᠷᠤᠨ᠎ᠠ᠃


ᠬᠤᠲᠠ᠂

ᠡᠳᠦᠷᠵᠢᠨ ᠣᠨᠳᠠᠬᠣ ᠨᠢ ᠵᠠᠯᠠᠭᠤᠰ

ᠰᠥᠨᠢᠵᠢᠨ ᠲᠡᠭᠦᠳᠡᠭ ᠨᠢ ᠦᠳᠡᠭᠦᠰ᠃


ᠬᠤᠲᠠ᠂

ᠰᠣᠶᠣᠯ ᠪᠠᠯᠠᠢ ᠨᠢ ᠬᠣᠭᠣᠯᠠ ᠪᠠᠵᠠᠭᠠᠨ᠎ᠠ

ᠰᠣᠶᠣᠯ ᠳᠠᠯᠠᠢ ᠨᠢ ᠬᠣᠭᠣᠯᠠ ᠵᠥᠭᠡᠭᠡᠨ᠎ᠡ᠃


ᠬᠤᠲᠠ᠂

ᠬᠥᠳᠡᠭᠡ ᠳ᠋ᠦ ᠣᠴᠢᠬᠣ ᠳ᠋ᠥ ᠨᠠᠮᠤᠷ

ᠬᠥᠳᠡᠭᠡ ᠡᠴᠡ ᠢᠷᠡᠬᠦ ᠳ᠋ᠥ ᠬᠠᠪᠤᠷ᠃


ᠬᠤᠲᠠ᠂

ᠨᠢᠳᠣ ᠳᠦᠭᠦᠷᠡᠩ ᠤᠶᠠᠩᠭ᠎ᠠ ᠪᠢᠯᠢᠭ᠌

ᠨᠢᠳᠡᠷ ᠳᠤᠨᠳᠠᠭᠤᠷ ᠣᠯᠢᠭ ᠪᠠᠯᠠᠩ᠃


ᠬᠤᠲᠠ᠂

ᠲᠣᠯᠣᠭᠠᠢ ᠨᠢ ᠳᠣᠬᠢᠯᠵᠠᠳᠠᠭ

ᠬᠡᠯᠡ ᠨᠢ ᠲᠠᠲᠠᠭᠠᠯᠵᠠᠳᠠᠭ᠃


ᠬᠤᠲᠠ᠂

ᠲᠡᠷᠭᠡ ᠨᠢ ᠰᠢᠬᠠᠯᠳᠤᠳᠠᠭ

ᠬᠦᠮᠦᠨ ᠨᠢ ᠮᠥᠷᠭᠥᠯᠳᠦᠳᠡᠭ᠃





2023 ᠣᠨ  ᠤ 6 ᠰᠠᠷ᠎ᠠ ᠢᠢᠨ 13  ᠤ ᠡᠳᠦᠷ




ᠵᠤᠬᠢᠶᠠᠭᠴᠢ᠄ ᠬᠦᠬᠡᠳᠠᠪᠠᠯᠭᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2242
ᠴᠠᠭ᠄ 2023 ᠤᠨ ᠤ 09 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ