ᠨᠡᠪᠲᠡᠷᠡᠨ ᠤᠷᠤᠬᠤ
ᠳᠡᠷᠭᠡ ᠮᠢᠯᠢᠶᠠᠬᠤ ᠢᠷᠦᠭᠡᠯ

ᠬᠤᠯᠠ ᠭᠠᠵᠠᠷ ᠣᠤᠠᠬᠤ ᠳᠡᠷᠭᠡ ᠪᠠᠨ

ᠬᠤᠤᠷᠠᠵᠠ ᠶᠢᠨ ᠳᠡᠭᠡᠵᠢ ᠪᠠᠷ ᠮᠢᠯᠢᠶᠠᠮᠤ

ᠬᠤᠳᠤᠭ ᠭᠡᠰᠢᠭ᠌ ᠢ ᠴᠤᠭᠴᠠᠯᠠᠭᠠᠤᠨ

ᠬᠤᠪᠢ ᠲᠡᠶ ᠪᠠᠯᠭᠡ ᠲᠡᠶ ᠪᠣᠯᠵᠤ᠂

ᠬᠤᠭᠤᠷᠤᠠᠳᠤ ᠶᠢᠨ ᠳᠦᠢᠦᠡᠭᠡᠷ ᠢ ᠠᠷᠢᠯᠭ᠎ᠠ

ᠠᠯᠤᠰ ᠭᠠᠵᠠᠷ ᠶᠠᠪᠣᠬᠤ ᠳᠡᠷᠭᠡ ᠪᠠᠨ

ᠠᠷᠠᠵᠠ ᠬᠤᠤᠷᠠᠵᠠ ᠶᠢᠨ ᠳᠡᠭᠡᠵᠢ ᠪᠠᠷ ᠮᠢᠯᠢᠶᠠᠮᠤ

ᠠᠷᠢᠭᠤᠨ ᠪᠣᠶᠠᠨ ᠢ ᠴᠤᠭᠴᠠᠯᠠᠭᠠᠤᠨ᠂

ᠠᠴᠢᠶ᠎ᠠ ᠭᠦᠰᠭᠡ ᠰᠠᠢ᠌ᠳᠠᠢ ᠶᠠᠪᠣᠵᠤ

ᠠᠶᠠᠨ ᠪᠠᠭᠤᠳᠠᠯ ᠤᠨ ᠠᠶᠤᠯ ᠢ ᠠᠷᠢᠯᠭ᠎ᠠ

ᠥᠮᠭᠦᠷᠡᠭᠦ ᠳᠡᠭᠡᠨ ᠥ ᠦᠭᠡᠶ᠂

ᠥᠵᠡᠭᠦᠢ ᠳᠤᠷ ᠪᠦᠭᠡ ᠪᠠᠭᠢ

ᠥᠭᠡᠳᠡ ᠣᠷᠤᠭᠤ ᠳᠤᠷᠭᠠᠭᠤᠯᠢ ᠦᠭᠡᠶ᠂

ᠦᠨᠢ ᠪᠠᠯᠭᠡ ᠬᠤᠤᠰᠯᠠᠵᠤ

ᠦᠯᠵᠠᠢ ᠬᠤᠳᠤᠭ ᠣᠷᠤᠰᠢᠬᠤ ᠶᠢ ᠴᠢᠨᠢ

ᠥᠭᠡᠭᠦ ᠳᠤᠰᠤ ᠪᠠᠷ ᠮᠢᠯᠢᠶᠠᠨ ᠢᠷᠦᠭᠡᠨᠡᠮ

ᠡᠭᠦᠨ ᠳᠤ ᠰᠠᠭᠤᠭᠰᠠᠨ ᠡᠵᠡᠨ ᠨᠢ

ᠡᠩᠭᠡ ᠮᠠᠠᠳᠤ ᠪᠣᠯᠳᠤᠭᠠᠢ

ᠠᠷᠠᠯ ᠳᠤ ᠭᠦᠯᠦᠭ᠍ᠰᠡᠨ ᠱᠠᠷ ᠨᠢ

ᠠᠮᠤᠷ ᠮᠠᠠᠳᠤ ᠪᠣᠯᠳᠤᠭᠠᠢ

ᠰᠠᠭᠤᠬᠤᠢ ᠳᠤ ᠰᠠᠪᠠ ᠦᠭᠡᠶ᠂

ᠰᠤᠨᠤᠰᠬᠤᠢ ᠳᠤ ᠴᠠᠪᠠ ᠦᠬᠢᠨ᠂

ᠰᠠᠯᠪᠣᠷᠢ ᠳᠤ ᠰᠠᠭᠠᠳᠠᠯ ᠦᠭᠡᠶ᠂

ᠰᠠᠢ᠌ᠨ ᠣᠴᠠᠷᠠᠯ ᠨᠠᠢ᠌ᠯᠠᠵᠤ

ᠰᠠᠨᠠᠭᠰᠠᠨ ᠶᠠᠪᠣᠳᠠᠯ ᠪᠦᠳᠦᠭᠦ ᠶᠢ ᠴᠢᠨᠢ

ᠰᠠᠷᠬᠤᠤᠨ ᠢᠳᠡᠭᠡᠨ ᠶᠢᠡᠷ ᠮᠢᠯᠢᠶᠠᠨ ᠢᠷᠦᠭᠡᠨᠡᠮ

ᠡᠭᠦᠨ ᠳᠤ ᠰᠠᠭᠤᠭᠰᠠᠨ ᠡᠵᠡᠨ ᠨᠢ

ᠡᠩᠭᠡ ᠮᠠᠠᠳᠤ ᠪᠣᠯᠳᠤᠭᠠᠢ

ᠠᠷᠠᠯ ᠳᠤ ᠭᠦᠯᠦᠭ᠍ᠰᠡᠨ ᠱᠠᠷ ᠨᠢ

ᠠᠮᠤᠷ ᠮᠠᠠᠳᠤ ᠪᠣᠯᠳᠤᠭᠠᠢ

ᠠᠯᠳᠠᠨ ᠪᠣᠭᠤᠯᠭ᠎ᠠ ᠭᠦᠳᠡᠯᠦᠮᠡᠭ᠍ᠴᠡ

ᠠᠳᠠ ᠳᠦᠢᠦᠡᠭᠡᠷ ᠠᠷᠢᠯᠭᠠᠬᠤ ᠶᠢ ᠴᠢᠨᠢ

ᠰᠠᠷᠠᠨ ᠭᠦᠷᠳᠤ ᠡᠷᠭᠢᠮᠡᠭ᠍ᠴᠡ᠂

ᠰᠠᠮᠠᠭᠤᠨ ᠰᠠᠭᠠᠳᠠᠯ ᠦᠭᠡᠶ ᠶᠢ ᠴᠢᠨᠢ

ᠰᠠᠩ ᠳᠠᠯᠪᠢᠨ ᠢᠷᠦᠭᠡᠭᠡᠳ

ᠠᠮᠠ ᠰᠡᠭᠦᠯ ᠪᠦᠭᠦᠨ ᠡᠴᠡ ᠨᠢ ᠡᠭᠢᠯᠡᠵᠤ᠂

ᠠᠷᠠᠯ ᠭᠦᠷᠳᠤ ᠳᠤ ᠭᠦᠷᠳᠡᠯ᠎ᠡ

ᠠᠮᠳᠠᠳᠤ ᠢᠳᠡᠭᠡᠨ ᠶᠢᠡᠷ ᠮᠢᠯᠢᠶᠠᠮᠤ

ᠢᠷᠦᠭᠡᠭ᠍ᠰᠡᠨ ᠶᠢᠡᠷ

ᠶ‍ᠢᠰᠤ ᠶ‍ᠢᠰᠤ ᠨᠠᠶᠠᠨ ᠨᠢᠭᠡᠨ ᠪᠦᠷᠢᠦᠡᠭᠡᠯ ᠳᠡᠭᠦᠰᠦᠭᠡᠳ᠂

ᠮᠢᠯᠢᠶᠠᠭᠰᠠᠨ ᠶᠢᠡᠷ

ᠮᠢᠩᠭ᠋ᠠᠨ ᠣᠴᠠᠷᠠᠯ ᠲᠤᠬᠢᠶᠠᠯᠳᠤᠭᠠᠤᠨ

ᠰᠠᠴᠤᠭᠰᠠᠨ ᠶᠢᠡᠷ

ᠰᠠᠢ᠌ᠨ ᠪᠣᠶᠠᠨ ᠪᠦᠷᠢᠳᠦᠭᠡᠳ᠂

ᠠᠯᠢᠪᠠ ᠰᠠᠨᠠᠭᠰᠠᠨ ᠣᠢ᠌ᠯᠠᠰ ᠰᠡᠳᠭᠢᠯᠴᠢᠯᠠᠨ ᠪᠦᠳᠦᠵᠤ

ᠠᠮᠤᠭᠤᠯᠠᠩ ᠤᠨ ᠳᠡᠭᠦᠯᠳᠡᠷ ᠦᠯᠵᠠᠢ ᠣᠷᠤᠰᠢᠭᠠᠤᠨ᠂

ᠠᠭᠤᠯᠵᠠᠭᠰᠠᠨ ᠪᠦᠭᠦᠨ ᠣᠷᠤᠭᠰᠢ ᠰᠠᠢ᠌ᠳᠠᠢ

ᠠᠶᠠᠨ ᠵᠠᠮ ᠤᠨ ᠣᠴᠢᠷ ᠣᠯᠵᠠ ᠣᠮᠤᠭ ᠲᠡᠶ ᠪᠣᠯᠤᠭᠠᠤᠨ᠂

ᠠᠰᠢᠳᠠ ᠠᠮᠤᠷ ᠵᠢᠷᠭᠠᠬᠤ ᠪᠣᠯᠳᠤᠭᠠᠢ


ᠵᠤᠬᠢᠶᠠᠭᠴᠢ᠄ ᠤᠶᠤᠨᠭᠡᠷᠡᠯ ᠪᠠᠭᠤᠯᠭᠠᠪᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 7435
ᠴᠠᠭ᠄ 2010 ᠤᠨ ᠤ 05 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ