ᠨᠡᠪᠲᠡᠷᠡᠨ ᠤᠷᠤᠬᠤ
ᠨᠠᠮᠤᠷ ᠤᠨ ᠳᠦᠭᠡᠷᠢᠯ

ᠥᠩᠭᠡ ᠪᠦᠷᠢᠳᠦᠭ᠍ᠰᠡᠨ ᠨᠠᠮᠤᠷ ᠤᠨ ᠦᠵᠠᠮᠵᠢ ᠳᠠᠭᠤ ᠠᠯᠳᠠᠮ᠎ᠠ ᠭᠤᠶᠤ ᠡ ︕

ᠦᠭᠡᠶ ᠳᠡᠭᠡᠭ᠍ᠰᠡᠨ ᠪᠠᠢ᠌ᠳᠠᠯ᠎ᠠ ᠶᠠᠭᠠᠭᠢᠭᠠᠤᠨ ᠤᠢ᠌ᠳᠬᠠᠷ ᠠᠪᠴᠢᠷᠠᠳᠠᠭ ᠪᠣᠢ ⁈

ᠣᠷᠭᠤᠮᠠᠯ ᠪᠦᠭᠦᠨ ᠦᠷᠠᠯᠠᠨ ᠪᠣᠯᠪᠠᠰᠤᠷᠠᠳᠠᠭ ᠠᠯᠳᠠᠨ ᠨᠠᠮᠤᠷ ᠡ ︕

ᠦᠭᠡᠶ ᠳᠠᠢ᠌ᠮᠤ ᠪᠠᠢ᠌ᠳᠠᠯ᠎ᠠ ᠶᠠᠭᠠᠭᠢᠬᠤ ᠳᠠᠭᠠᠨ ᠭᠤᠨᠢᠭ ᠳᠦᠷᠦᠭᠦᠯᠳᠡᠭ᠌ ᠪᠣᠢ ⁈

ᠴᠠᠭ ᠤᠨ ᠰᠠᠢ᠌ᠬᠠᠨ ᠡᠯᠪᠠᠭ᠌ ᠬᠤᠷᠢᠶᠠᠯᠳᠠ ᠲᠡᠶ ᠪᠠᠶᠠᠨ ᠨᠠᠮᠤᠷ ᠡ ︕

ᠴᠡᠴᠡᠭ᠌ ᠵᠤᠯᠭᠠᠷᠠᠨ ᠨᠠᠪᠴᠢ ᠣᠨᠠᠭᠠᠤᠨ ᠰᠢᠷᠠᠯᠠᠨ ᠬᠠᠳᠠᠭᠰᠠᠨ ᠡᠴᠠ ᠪᠣᠯᠪᠠᠤ ⁈

ᠴᠡᠩᠭᠡᠭᠦᠨ ᠠᠶᠠᠰ ᠲᠡᠶ ᠭᠦᠭ᠌ ᠳᠠᠭᠠᠷᠠᠭᠤᠯᠳᠠᠭ ᠵᠢᠷᠤᠭ᠎ᠠ ᠶᠢᠨ ᠵᠢᠷᠤᠭ᠎ᠠ ᠨᠠᠮᠤᠷ ᠡ ︕

ᠴᠡᠷᠢᠭ᠌ ᠡᠴᠠ ᠪᠠᠭᠤᠨ ᠭᠡᠷᠡᠭ᠌ ᠡᠴᠠ ᠭᠠᠷᠤᠭᠰᠠᠨ ᠤ ᠣᠴᠢᠷ ᠰᠢᠯᠳᠠᠭᠠᠨ ᠪᠣᠯᠪᠠᠤ ⁈

ᠨᠠᠰᠤᠨ ᠤ ᠨᠠᠮᠤᠷ ᠨᠡᠮᠡᠭ᠍ᠳᠡᠭᠦ ᠳᠤᠳᠤᠮ ᠳᠤᠷᠠᠰᠤᠯ ᠣᠯᠠᠰᠢᠷᠠᠳᠠᠭ ᠨᠠᠮᠤᠷ ᠡ ︕

ᠡᠯᠢᠭᠡ ᠡᠮᠵᠡᠭᠯᠡᠭᠦᠯᠳᠡᠭ᠌ ᠡᠵᠢ᠂ ᠡᠡᠬ᠎ᠠ ᠪᠦᠷ ᠨᠠᠮᠤᠷ ᠶᠠᠪᠣᠭᠰᠠᠨ ᠡᠴᠠ ᠪᠣᠯᠪᠠᠤ ⁈

ᠢᠷᠡᠭᠦ ᠨᠠᠮᠤᠷ ᠤᠨ ᠡᠷᠢᠯ ᠳᠦᠭᠡᠷᠢᠯ ᠡᠴᠠ ᠭᠡᠷᠭᠢᠨ ᠮᠤᠯᠳᠠᠷᠠᠳᠠᠭ ᠪᠢᠯᠠ ᠳ᠋ᠡ ⁈

ᠡᠷᠢᠭ᠍ᠳᠡᠭᠡᠳ ᠪᠠᠢ᠌ᠳᠠᠭ ᠪᠣᠮᠪᠠ ᠶᠢᠨ ᠣᠷᠤᠨ ᠶᠢᠡᠷ ᠳᠤᠭᠤᠷᠢᠨ ᠵᠤᠭᠠᠴᠠᠬᠤ ᠦᠦ ᠳ᠋ᠠ ︕

ᠡᠷᠭᠢᠨ ᠡᠷᠭᠢᠨ ᠵᠢᠯ ᠵᠢᠯ ᠪᠣᠴᠠᠭᠠᠤᠨ ᠢᠷᠡᠳᠡᠭ᠌ ᠨᠠᠮᠤᠷ ᠤᠨ ᠨᠠᠮᠤᠷ ᠡ ︕

ᠡᠮᠰᠢᠭᠡᠷ ᠪᠣᠯᠳᠠᠯ᠎ᠠ ᠨᠠᠮᠤᠷ ᠤᠨ ᠣᠯᠠᠷᠢᠯ ᠡᠴᠠ ᠳᠤᠳᠠᠭᠠᠭᠠᠤᠨ ᠪᠠᠢ᠌ᠬᠤ ᠪᠢᠰᠢ ᠳ᠋ᠡ ⁈


           2013 ᠣᠨ ᠤ 9 ᠰᠠᠷ᠎ᠠ ᠶᠢᠨ 1 ᠊ᠤ ᠡᠳᠦᠷ


ᠵᠤᠬᠢᠶᠠᠭᠴᠢ ᠶᠢᠨ ᠬᠠ‍‌ᠶᠢᠭ ᠄ ᠰᠦᠨᠢᠳ ᠵᠡᠭᠦᠨ ᠬᠤᠰᠢᠭᠤ

ᠵᠤᠬᠢᠶᠠᠭᠴᠢ᠄ ᠬᠠ᠊·ᠯᠢᠩᠬᠸ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 12105
ᠴᠠᠭ᠄ 2013 ᠤᠨ ᠤ 09 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ