ᠨᠡᠪᠲᠡᠷᠡᠨ ᠤᠷᠤᠬᠤ
ᠨᠠᠷᠠᠨ ᠡᠴᠠ ᠭᠡᠳᠦᠷᠡᠭ᠍ᠰᠡᠨ ᠭᠡᠷᠡᠯ

ᠨᠠᠷᠠ ᠨᠠᠳᠠ ᠡᠴᠠ ᠯᠠ ᠭᠡᠷᠡᠯ ᠭᠠᠷᠤᠨ᠎ᠠ ᠭᠡᠵᠤ

ᠨᠠᠳᠠ ᠳᠤ ᠪᠢᠳᠡᠭᠡᠢ ᠰᠠᠭᠰᠠᠭᠤᠷᠠᠭᠠᠴᠢ ︕

ᠨᠠᠰᠤᠨ ᠵᠠᠯᠠᠭᠤ ᠳᠠᠭᠠᠨ ᠭᠢᠯᠠᠯᠵᠠᠵᠤ ᠶᠠᠪᠣᠭ᠎ᠠ

ᠨᠠᠳᠠ ᠡᠴᠠ ᠪᠠᠰᠠ ᠭᠡᠷᠡᠯ ᠭᠠᠷᠤᠨ᠎ᠠ ︕

ᠣᠴᠢᠷ ᠨᠢ ᠪᠢ ᠪᠣᠯ ᠵᠠᠯᠠᠭᠤ ᠭᠦᠮᠤᠨ

ᠣᠴᠢ ᠭᠡᠷᠡᠯ ᠶᠢᠡᠨ ᠰᠠᠴᠤᠷᠠᠭᠤᠯᠬᠤ ᠭᠦᠮᠤᠨ ︕

ᠣᠷᠴᠢᠯᠠᠩ ᠳᠡᠯᠡᠭᠡᠢ ᠳᠤ ᠣᠬᠤᠷᠬᠠᠨ ᠠᠮᠢᠳᠤᠷᠠᠪᠠᠴᠤ

ᠦᠨᠢᠳᠠ ᠭᠡᠷᠡᠯᠳᠦᠭᠦ ᠬᠤᠪᠢ ᠲᠡᠶ ᠭᠦᠮᠤᠨ ︕


ᠭᠡᠢ᠌ᠮᠦᠷᠢ ᠪᠠᠨ ᠮᠠᠠᠳᠤᠭᠤᠯᠤᠭᠰᠠᠨ ᠡᠭᠡ ᠣᠷᠤᠨ ᠮᠢᠨᠢ

ᠭᠢᠵᠠᠭᠠᠷ ᠦᠭᠡᠶ ᠰᠠᠴᠤᠷᠠᠬᠤ ᠭᠡᠷᠡᠯ ᠲᠡᠶ ᠪᠣᠯᠬᠤᠷ

ᠭᠡᠵᠢᠶ᠎ᠡ ᠴᠤ ᠭᠡᠰᠡᠨ ᠭᠢᠯᠠᠯᠵᠠᠵᠤ ᠪᠠᠢ᠌ᠨ᠎ᠠ

ᠭᠡᠨ ᠡᠴᠠ ᠴᠤ ᠢᠯᠡᠭᠦᠤ ᠭᠡᠷᠡᠯᠳᠦᠵᠤ ᠪᠠᠢ᠌ᠨ᠎ᠠ ︕

ᠭᠢᠵᠠᠭᠠᠷ ᠲᠡᠶ ᠭᠠᠩᠭ᠋ᠠᠩ ᠵᠠᠯᠠᠭᠤ ᠨᠠᠰᠤ ᠪᠠᠨ

ᠭᠡᠨ ᠭᠡᠷᠪᠡ ᠳᠡᠭᠦᠨ ᠳᠤ ᠡᠷᠭᠦᠪᠠᠯ

ᠭᠡᠮᠵᠢᠶ᠎ᠡ ᠲᠡᠶ ᠰᠠᠴᠤᠷᠠᠬᠤ ᠳᠡᠭᠦᠨ ᠤ ᠭᠡᠷᠡᠯ ᠴᠤ

ᠭᠡᠮᠵᠢᠶ᠎ᠡ ᠦᠭᠡᠶ ᠡᠭᠦᠷᠢᠳᠡ ᠰᠠᠴᠤᠷᠠᠬᠤ ᠪᠣᠯᠤᠨ᠎ᠠ᠃


ᠡᠭᠡ ᠣᠷᠤᠨ ᠤ ᠭᠦᠭ᠍ᠵᠢᠯ ᠮᠠᠠᠳᠤᠯ

ᠢᠷᠡᠭᠡᠳᠦᠢ ᠪᠠᠨ ᠮᠠᠨ ᠳᠤ ᠨᠠᠢ᠌ᠳᠠᠭᠰᠠᠨ ᠪᠣᠯᠬᠤᠷ

ᠮᠠᠷᠭᠠᠰᠢ ᠶᠢᠨ ᠣᠢ᠌ᠯᠠᠰ ᠮᠠᠨᠠᠢ᠌ᠭᠢ ᠶᠤᠮ

ᠮᠠᠨ ᠤ ᠣᠢ᠌ᠯᠠᠰ ᠰᠠᠷᠠᠭᠤᠯᠬᠠᠨ ᠶᠤᠮ᠃

ᠡᠨᠡ ᠣᠢ᠌ᠯᠠᠰ ᠲᠤ ᠪᠢ ᠵᠠᠪᠠᠯ

ᠡᠷᠭᠢᠮ ᠰᠠᠢ᠌ᠬᠠᠨ ᠶᠢᠡᠨ ᠪᠦᠭᠦᠳᠡ ᠶᠢ ᠡᠷᠭᠦᠨ᠎ᠡ

ᠢᠩᠭᠢᠭᠡᠳ ᠪᠢ ᠭᠡᠷᠡᠯ ᠭᠢᠯᠪᠠᠭ᠎ᠠ ᠪᠠᠨ

ᠡᠭᠦᠷᠢᠳᠡ ᠮᠥᠩᠭᠡ ᠰᠠᠴᠤᠷᠠᠭᠤᠯᠵᠤ ᠪᠣᠯᠤᠨ᠎ᠠ ︕


ᠨᠠᠷᠠ ᠨᠠᠳᠠ ᠡᠴᠠ ᠯᠠ ᠭᠡᠷᠡᠯ ᠭᠠᠷᠤᠨ᠎ᠠ ᠭᠡᠵᠤ

ᠨᠠᠳᠠ ᠪᠢᠳᠡᠭᠡᠢ ᠰᠠᠭᠰᠠᠭᠤᠷᠠᠭᠠᠴᠢ᠃

ᠨᠠᠰᠤᠨ ᠵᠠᠯᠠᠭᠤ ᠳᠤ ᠪᠠᠨ ᠳᠤᠯᠠᠯᠵᠠᠵᠤ ᠶᠠᠪᠣᠭ᠎ᠠ

ᠨᠠᠳᠠ ᠡᠴᠠ ᠪᠠᠰᠠ ᠭᠡᠷᠡᠯ ᠭᠠᠷᠤᠨ᠎ᠠ ︕

ᠣᠴᠢᠷ ᠨᠢ ᠪᠢ ᠪᠣᠯ ᠵᠠᠯᠠᠭᠤ ᠭᠦᠮᠤᠨ

ᠣᠴᠢ ᠭᠡᠷᠡᠯ ᠶᠢᠡᠨ ᠰᠠᠴᠤᠷᠠᠭᠤᠯᠬᠤ ᠭᠦᠮᠤᠨ ︕

ᠣᠷᠴᠢᠯᠠᠩ ᠳᠡᠯᠡᠭᠡᠢ ᠳᠤ ᠣᠬᠤᠷᠬᠠᠨ ᠠᠮᠢᠳᠤᠷᠠᠪᠠᠴᠤ

ᠦᠨᠢᠳᠠ ᠭᠡᠷᠡᠯᠳᠦᠭᠦ ᠶᠤᠰᠤᠳᠠᠢ ᠭᠦᠮᠤᠨ ︕


           1982 .1 . 10 ᠬᠦᠬᠡᠬᠤᠲᠠ ᠳ᠋ᠤ


ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠨᠠᠮ ᠤᠨ ᠰᠤᠷᠭᠠᠭᠤᠯᠢ

ᠵᠤᠬᠢᠶᠠᠭᠴᠢ᠄ ᠷ·ᠲᠦᠮᠡᠠ᠊ᠦ᠌ᠯᠵᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 12056
ᠴᠠᠭ᠄ 2014 ᠤᠨ ᠤ 01 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ