☆ ᠭᠦᠩ ᠳᠢᠶᠧ ᠯᠦᠩ
ᠠᠪᠣ ᠶᠢᠨ ᠮᠢᠨᠢ ᠳᠦᠷᠪᠠᠨ ᠣᠳᠠᠰᠤᠳᠤ ᠬᠤᠭᠤᠷ
ᠠᠪᠣ ᠶᠢᠨ ᠮᠢᠨᠢ ᠳᠦᠷᠪᠠᠨ ᠣᠳᠠᠰᠤᠳᠤ ᠬᠤᠭᠤᠷ ᠡᠴᠠ
ᠠᠶᠠᠰ ᠤᠨ ᠰᠠᠯᠭᠢ ᠢᠯᠪᠢᠨ ᠦᠨᠦᠰᠤᠨ᠎ᠡ
ᠷᠠᠰᠢᠶᠠᠨ ᠬᠤᠷ᠎ᠠ ᠰᠢᠪᠠᠷᠠᠨ ᠪᠠᠭᠤᠨ᠎ᠠ
ᠠᠷᠢᠭᠤᠨ ᠬᠠᠳᠠᠭ ᠢᠷᠦᠭᠡᠯ ᠶᠢᠡᠷ ᠳᠡᠯᠭᠡᠨ᠎ᠡ
ᠠᠳᠤᠭᠤᠨ ᠰᠦᠷᠦᠭ᠌ ᠦᠣᠷᠰᠠᠨ ᠳᠠᠪᠭᠢᠨ᠎ᠠ
ᠠᠪᠣ ᠶᠢᠨ ᠮᠢᠨᠢ ᠳᠦᠷᠪᠠᠨ ᠣᠳᠠᠰᠤᠳᠤ ᠬᠤᠭᠤᠷ ᠡᠴᠠ
ᠬᠤᠷᠮᠤᠰᠳᠠ ᠳᠡᠭ᠍ᠷᠢ ᠤᠶᠠᠩᠭ᠎ᠠ ᠪᠠᠷ ᠴᠠᠯᠮᠠᠢ᠌ᠨᠡ
ᠬᠤᠷᠸ᠎ᠠ ᠳᠡᠯᠡᠭᠡᠢ ᠨᠠᠢ᠌ᠷᠠᠭ ᠶᠢᠡᠷ ᠰᠠᠷᠠᠭᠤᠯᠵᠢᠨ᠎ᠠ
ᠬᠤᠷᠴᠢᠨ ᠰᠤᠶᠤᠯ ᠨᠠᠷᠠ ᠲᠡᠶ ᠳᠤᠶᠠᠭᠠᠷᠠᠨ᠎ᠠ
ᠬᠤᠳᠤᠭ ᠪᠣᠶᠠᠨ ᠦᠨᠢ ᠣᠷᠤᠰᠢᠨ᠎ᠠ
ᠠᠪᠣ ᠶᠢᠨ ᠮᠢᠨᠢ ᠳᠦᠷᠪᠠᠨ ᠣᠳᠠᠰᠤᠳᠤ ᠬᠤᠭᠤᠷ ᠡᠴᠠ
ᠰᠦᠷᠦᠭ᠌ ᠤᠨ ᠳᠠᠯᠠᠢ ᠳᠠᠯ᠎ᠠ ᠪᠦᠷᠭᠦᠨ᠎ᠡ
ᠰᠦᠨ ᠦᠨᠦᠷ ᠭᠦᠮᠦᠰ ᠢ ᠰᠤᠭᠳᠤᠭᠠᠨᠠ
ᠰᠥᠰᠦᠭ᠌ ᠪᠢᠰᠢᠷᠠᠯ ᠵᠢᠷᠦᠭᠡᠨ ᠳᠤ ᠪᠣᠴᠠᠯᠤᠨ᠎ᠠ
ᠰᠥᠵᠢᠷᠭᠦ ᠰᠤᠶᠤᠯ ᠴᠢᠰᠤᠨ ᠳᠤ ᠦᠶᠡᠷᠯᠠᠨᠡ
ᠠᠪᠣ ᠶᠢᠨ ᠮᠢᠨᠢ ᠳᠦᠷᠪᠠᠨ ᠣᠳᠠᠰᠤᠳᠤ ᠬᠤᠭᠤᠷ ᠡᠴᠠ
ᠨᠤᠭᠤᠠᠵᠠᠶᠠᠭ᠎ᠠ ᠭᠡᠦᠭᠡᠨ ᠤ ᠨᠢᠯᠪᠣᠰᠤ ᠮᠡᠯᠳᠡᠭᠡᠨᠡᠨᠡ
ᠨᠤᠳᠤᠭ ᠣᠰᠤ ᠡᠩᠰᠡᠷᠡᠨ ᠣᠭᠢᠯᠠᠨ᠎ᠠ
ᠨᠤᠭᠤᠰᠤ ᠭᠠᠯᠠᠭᠤ ᠪᠣᠴᠠᠨ ᠨᠠᠭᠠᠰᠢᠯᠠᠨ᠎ᠠ
ᠨᠠᠭᠤᠷ ᠪᠦᠷᠢᠳᠤ ᠠᠢ᠌ᠷᠠᠭ ᠶᠢᠡᠷ ᠳᠤᠯᠭᠢᠶᠠᠯᠠᠨ᠎ᠠ
ᠠᠪᠣ ᠶᠢᠨ ᠮᠢᠨᠢ ᠳᠦᠷᠪᠠᠨ ᠣᠳᠠᠰᠤᠳᠤ ᠬᠤᠭᠤᠷ ᠡᠴᠠ
ᠳᠤᠭᠤᠨᠤᠳᠤ ᠭᠡᠷ ᠳᠡᠦᠭᠡ ᠪᠠᠷ ᠳᠡᠩᠭᠡᠢ᠌ᠨᠡ
ᠳᠤᠭᠳᠠᠬᠤ ᠪᠠᠭᠠᠳᠤᠷ ᠳᠠᠪᠭᠢᠨ ᠢᠷᠠᠨ᠎ᠡ
ᠳᠤᠭᠤᠷᠭ᠎ᠠ ᠬᠠᠨ᠎ᠠ ᠳᠤ ᠰᠠᠷᠠᠨ ᠳᠡᠷᠭᠡᠯᠰᠢᠨ᠎ᠡ
ᠳᠤᠭᠳᠠᠭᠤᠨ ᠠᠮᠢᠳᠤᠷᠠᠯ ᠵᠢᠷᠭᠠᠯ ᠴᠠᠯᠭᠢᠨ᠎ᠠ
ᠠᠪᠣ ᠶᠢᠨ ᠮᠢᠨᠢ ᠳᠦᠷᠪᠠᠨ ᠣᠳᠠᠰᠤᠳᠤ ᠬᠤᠭᠤᠷ ᠡᠴᠠ
ᠭᠠᠳᠠ ᠮᠠᠢ᠌ᠷᠠᠨ ᠠᠮᠢᠯᠠᠨ ᠪᠣᠰᠤᠨ᠎ᠠ
ᠭᠠᠯ ᠴᠠᠭᠢᠯᠭᠠᠨ ᠨᠢᠵᠢᠭᠢᠨᠠᠨ ᠴᠠᠭᠢᠯᠤᠨ᠎ᠠ
ᠭᠠᠯᠳᠤ ᠠᠭᠤᠯᠠ ᠨᠦᠵᠢᠭᠢᠨᠠᠨ ᠳᠠᠯᠪᠠᠷᠠᠨᠡ
ᠭᠠᠯᠪᠠ ᠶᠢᠷᠳᠢᠠᠴᠤ ᠳᠠᠢ᠌ᠪᠠᠨ ᠬᠠᠢ᠌ᠪᠠᠯᠵᠠᠨᠠ
ᠠᠪᠣ ᠶᠢᠨ ᠮᠢᠨᠢ ᠳᠦᠷᠪᠠᠨ ᠣᠳᠠᠰᠤᠳᠤ ᠬᠤᠭᠤᠷ ᠡᠴᠠ
ᠭᠦᠭᠡ ᠰᠤᠳᠤᠷ ᠳᠠᠶᠠᠩ ᠢ ᠳᠤᠷᠭᠢᠭᠤᠯᠤᠨᠠ
ᠭᠦᠯᠦᠭ᠌ ᠤᠨ ᠰᠠᠯᠭᠢ ᠳᠠᠯ᠎ᠠ ᠳᠤ ᠬᠣᠢ᠌ᠯᠠᠷᠠᠨᠠ
ᠭᠦᠳᠦᠰᠤᠨ ᠳᠠᠪᠠᠯᠳᠠᠨ ᠡᠴᠠ ᠴᠢᠩᠭᠢᠰ ᠮᠠᠠᠳᠤᠯᠠᠨᠡ
ᠭᠦᠭᠡᠷᠡᠭᠦ ᠢᠷᠡᠭᠡᠳᠦᠢ ᠨᠠᠷᠠᠨ ᠳᠤᠶᠠᠭᠠᠷᠠᠨ᠎ᠠ
ᠵᠤᠬᠢᠶᠠᠭᠴᠢ ᠶᠢᠨ ᠬᠠᠶᠢᠭ ᠄ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠪᠠᠷᠠᠭᠤᠨ ᠵᠢᠷᠢᠮ ᠳᠤᠮᠳᠠᠳᠤ ᠰᠤᠷᠭᠠᠭᠤᠯᠢ
ᠵᠤᠬᠢᠶᠠᠭᠴᠢ᠄ ᠭᠦᠩ ᠳᠢᠶᠧ ᠯᠦᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2681
ᠴᠠᠭ᠄ 2011 ᠤᠨ ᠤ 03 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ