ᠨᠡᠪᠲᠡᠷᠡᠨ ᠤᠷᠤᠬᠤ
ᠵᠤᠯᠵᠠᠭᠠᠨ ᠰᠠᠮᠵᠠ ᠡᠷᠳᠡᠨᠢ ᠰᠢᠰᠢ ᠮᠤᠯᠳᠤᠯᠪᠠᠢ

ᠵᠠᠯᠭ᠎ᠠ ᠳᠦᠭᠦᠷᠡᠩ ᠡᠷᠳᠡᠨᠢ ᠰᠢᠰᠢ

ᠵᠠᠯᠠᠭ᠎ᠠ ᠰᠠᠠᠵᠢᠭᠨᠠᠭᠤᠯᠤᠨ ᠵᠤᠭᠰᠤᠯᠴᠠᠨ᠎ᠠ

ᠵᠤᠯᠵᠠᠭᠠᠨ ᠰᠠᠮᠵᠠ ᠰᠠᠭᠰᠤ ᠲᠤᠬᠤᠢ᠌ᠯᠠᠨ

ᠵᠤᠷᠬ᠎ᠠ ᠪᠠᠷ ᠱᠤᠭᠰᠢᠨ ᠮᠤᠯᠳᠤᠯᠠᠨ᠎ᠠ

ᠵᠡᠭᠦᠡᠰᠢ ᠪᠠᠷᠠᠭᠤᠠᠰᠢ ᠰᠠᠷᠠᠪᠴᠢᠯᠠᠭᠠᠤᠨ

ᠵᠢᠭᠠᠬᠠᠨ ᠴᠤ ᠠᠨᠢᠷ ᠴᠢᠮᠡᠭᠡ ᠠᠯᠠᠭ᠎ᠠ

ᠵᠢᠷᠦᠭᠡ ᠳᠦᠭ᠍ᠰᠢᠭᠦᠯᠤᠨ ᠡᠮᠢᠶᠡᠭ᠍ᠰᠡᠭᠡᠷ

ᠵᠡᠭᠦᠨ ᠦᠵᠦᠭᠦᠷ ᠲᠤ ᠭᠠᠷᠬᠤᠯ᠎ᠠ

ᠵᠠᠬ᠎ᠠ ᠪᠠᠷ ᠬᠤᠭᠤᠯᠵᠤ ᠪᠠᠢ᠌ᠭᠰᠠᠨ ᠳᠤᠮᠤᠴᠤᠤᠯ

ᠵᠠᠭᠤᠢ ᠬᠤᠯᠠ ᠣᠷᠭᠢᠭᠠᠤᠨ ᠶᠠᠪᠣᠴᠢᠬᠠᠵᠠᠢ

ᠵᠢᠷᠭᠤᠭᠠᠨ ᠬᠤᠪᠢ ᠳᠡᠮᠳᠡᠭᠯᠡᠭ᠍ᠰᠡᠨ ᠴᠤ ᠶᠠᠭᠠᠭᠢᠬᠤᠪ

ᠵᠠᠭᠤᠨ ᠵᠢᠩ ᠪᠣᠳᠠᠭ᠎ᠠ ᠴᠤ ᠣᠯᠤᠶ᠎ᠠ ᠭᠡᠮᠡᠨ

ᠵᠤᠷᠢᠭᠯᠠᠨ ᠵᠤᠷᠢᠭᠯᠠᠨ ᠬᠤᠭᠤᠯᠤᠯ᠎ᠠ

ᠵᠦᠷᠢᠯᠳᠤᠨ ᠵᠦᠷᠢᠯᠳᠤᠨ ᠳᠤᠭᠤᠯᠴᠠᠭᠠᠤᠨ

ᠵᠡᠭᠦᠡᠳᠡᠢ ᠡᠴᠠ ᠨᠠᠷᠠᠨ ᠮᠠᠠᠳᠤᠭᠠᠤᠨ

ᠵᠠᠪᠰᠠᠷᠯᠠᠬᠤ ᠦᠳᠡ ᠪᠣᠯᠳᠠᠯ᠎ᠠ

ᠵᠥᠭ᠌ ᠭᠠᠷᠤᠭ᠎ᠠ ᠦᠭᠡᠶ᠁


ᠦᠳᠡ ᠶᠢᠨ ᠬᠤᠭᠤᠯᠠ ᠪᠠᠨ ᠵᠤᠭᠤᠭᠯᠠ ᠭᠡᠳ

ᠡᠷᠭᠢᠮ ᠨᠤᠶᠠᠨ ᠪᠠᠷᠭᠢᠷᠠᠬᠤ ᠰᠤᠨᠤᠰᠳᠠᠨ᠎ᠠ

ᠡᠮᠧ ᠶᠢᠨ ᠴᠠᠢ᠌ᠷ ᠤᠨ ᠰᠠᠪᠠᠨ ᠳᠤ ᠭᠢᠭ᠍ᠰᠡᠨ

ᠠᠮᠳᠠᠳᠤ ᠲᠦᠮᠦᠰᠦᠨ ᠬᠠᠭᠤᠷᠯᠠᠭ᠎ᠠ ᠲᠡᠶ ᠪᠣᠳᠠᠭ᠎ᠠ ᠪᠠᠨ

ᠠᠮᠠᠷᠠᠬᠤ ᠭᠡᠷ ᠤᠨ ᠵᠤᠤᠬᠠᠨ ᠨᠤᠷᠠᠮ ᠳᠤ ᠬᠠᠯᠠᠭᠠᠭᠠᠤᠨ

ᠠᠮᠠ ᠬᠠᠮᠠᠷ ᠶᠢᠡᠨ ᠣᠯᠬᠤ ᠦᠭᠡᠶ ᠴᠢᠭᠢᠯ᠎ᠠ

ᠠᠩᠭ᠎ᠠ ᠭᠡᠳᠤᠨ ᠵᠤᠷᠬ᠎ᠠ ᠬᠤᠭᠤᠯᠤᠭᠰᠠᠨ ᠪᠣᠢ ᠭᠡᠵᠤ

ᠠᠰᠠᠭᠤᠭᠰᠠᠨ ᠭᠦᠮᠤᠨ ᠪᠠᠢ᠌ᠭ᠎ᠠ ᠥᠭᠡᠢ

ᠠᠩᠬᠠᠷᠤᠭᠤᠯᠵᠤ ᠭᠡᠳᠤᠨ ᠬᠤᠪᠢ ᠦᠭ‍ᠭᠦᠯ᠎ᠡ ᠭᠡᠵᠤ

ᠮᠡᠳᠡᠭ᠍ᠳᠡᠭ᠍ᠰᠡᠨ ᠭᠦᠮᠤᠨ ᠴᠤ ᠪᠠᠢ᠌ᠬᠤ ᠥᠭᠡᠢ

ᠡᠳᠦᠭᠡ ᠪᠣᠳᠤᠬᠤᠯ᠎ᠠ ᠭᠡᠳᠦᠢ ᠭᠢᠭ᠍ᠰᠡᠨ ᠨᠢ ᠴᠢᠬᠤᠯᠠ ᠪᠢᠰᠢ

ᠣᠷᠤᠯᠴᠠᠭᠰᠠᠨ ᠪᠦᠭᠦᠨ ᠬᠤᠪᠢ ᠲᠡᠶ ᠠᠵᠤᠭᠤ

ᠣᠰᠤᠨ ᠭᠠᠩ ᠡᠴᠠ ᠬᠤᠯᠤ ᠪᠠᠷ ᠤᠳᠬᠤᠨ

ᠠᠰᠠᠭᠵᠤ ᠴᠢᠳᠬᠤᠨ ᠭᠡᠳᠤ ᠣᠭᠤᠴᠢᠯ᠎ᠠ


ᠭᠦᠳᠡᠯᠵᠡᠭᠡᠶ᠎ᠡ ︕ ᠭᠡᠳ ᠵᠠᠷᠯᠢᠭᠳᠠᠯ᠎ᠠ

ᠭᠦᠯ ᠭᠠᠷ ᠨᠢ ᠣᠷᠳᠤ ᠠᠬᠠᠰ ᠭᠦᠮᠦᠰ ᠤᠳ

ᠬᠤᠶᠠᠷ ᠳᠠᠰᠢ ᠪᠠᠨ ᠰᠠᠷᠪᠠᠢ᠌ᠪᠠᠯ ᠪᠣᠯᠤᠴᠢᠬᠠᠨ᠎ᠠ

ᠭᠦᠭᠡᠷᠦᠭᠦᠢ ᠰᠠᠷᠮᠠᠭᠴᠢᠨ ᠪᠢ

ᠬᠤᠤᠰ ᠵᠤᠷᠬ᠎ᠠ ᠶᠢᠨ ᠳᠤᠮᠳᠠᠭᠤᠷ

ᠬᠠᠮᠢᠭᠠᠰᠢ ᠪᠠᠨ ᠰᠠᠷᠮᠠᠭᠠᠤᠨ ᠴᠤ ᠭᠦᠷᠭᠦ ᠥᠭᠡᠢ

ᠭᠦᠮᠤᠨ ᠡᠴᠠ ᠪᠣᠤ ᠯᠠ ᠬᠤᠴᠤᠷᠤᠶ᠎ᠠ ᠭᠡᠳ

ᠭᠦᠴᠤ ᠮᠠᠳᠠᠨ ᠡᠢ᠌ᠰᠢ ᠳᠠᠢ᠌ᠰᠢ ᠵᠢᠷᠤᠭᠠᠯᠠᠨ᠎ᠠ

ᠭᠦᠷᠳᠤᠨ ᠨᠠᠷᠠ ᠱᠤᠭᠯᠠᠨ ᠢᠨᠢᠶᠡᠮᠰᠦᠭᠯᠡᠨ᠎ᠡ

ᠭᠦᠭ᠌ ᠤᠨ ᠰᠠᠮᠵᠠ ᠨᠢᠳᠤ ᠳᠤᠷᠮᠤᠯᠵᠠᠭᠤᠯᠤᠨ

ᠬᠤᠭᠤᠰᠤᠨ ᠰᠠᠭᠰᠤ ᠲᠡᠶ ᠪᠠᠨ ᠬᠠᠷᠢᠯ᠎ᠠ

ᠭᠦᠯᠢᠶᠡᠵᠤ ᠪᠠᠢ᠌ᠭᠰᠠᠨ ᠡᠮᠧ ᠮᠢᠨᠢ

ᠬᠠᠭᠰᠠᠭᠠᠮᠠᠯ ᠰᠢᠷ᠎ᠠ ᠪᠣᠤᠪᠣ

ᠬᠤᠨᠢᠨ ᠮᠢᠬ᠎ᠠ ᠲᠡᠶ ᠪᠣᠷᠴᠠᠭ ᠨᠤᠭᠤᠭ᠎ᠠ ᠢᠳᠡᠭᠦᠯᠦᠯ᠎ᠡ

ᠭᠦᠯᠦᠰᠤ ᠣᠷᠤᠰᠬᠠᠭᠰᠠᠨ ᠶᠤᠮ ᠴᠢᠨᠢ

ᠬᠠᠷ᠎ᠠ ᠪᠣᠳᠠᠭ᠎ᠠ ᠠᠪᠬᠤ ᠳᠤ ᠨᠢᠭᠤᠷ ᠲᠡᠶ ᠭᠡᠵᠤ ᠪᠣᠳᠤᠳᠠᠭ

ᠬᠤᠳᠡᠢ ᠪᠠᠨ ᠪᠠᠷᠢᠭᠠᠤᠨ ᠣᠴᠢᠬᠤᠯᠠᠷ

ᠭᠡᠮᠵᠢᠭ᠍ᠰᠡᠨ ᠦᠭᠡᠶ ᠳᠦᠭᠦᠷᠭᠡᠨ ᠦᠭ‍ᠭᠦᠯ᠎ᠡ

ᠭᠦᠭ᠍ᠰᠡᠨ ᠪᠠᠶᠠᠷᠯᠠᠨ ᠠᠪᠴᠢᠷᠠᠭᠠᠤᠨ ᠡᠵᠢ ᠲᠡᠶ ᠪᠠᠨ ᠴᠠᠢ᠌ᠯᠭᠠᠯ᠎ᠠ

ᠬᠠᠢ᠌ᠷᠠᠯᠠᠯᠳᠠᠢ ᠳᠤᠷᠠᠰᠤᠯᠳᠠᠢ ᠨᠤᠳᠤᠭ ᠤᠨ ᠵᠢᠠᠨ

ᠬᠠᠷᠠᠮ ᠦᠭᠡᠶ ᠦᠷᠦᠪᠴᠢᠭᠡᠨ ᠰᠡᠳᠭᠢᠯᠳᠠᠨ ᠪᠦᠭᠦᠨ ᠢ

ᠭᠡᠵᠢᠶᠡᠳᠡ ᠮᠠᠷᠳᠠᠰᠢ ᠦᠭᠡᠶ ᠰᠠᠨᠠᠵᠤ ᠶᠠᠪᠣᠨ᠎ᠠ


2012 ᠣᠨ ᠤ 12 ᠰᠠᠷ᠎ᠠ ᠵᠢᠨ 19 ᠊ᠤ ᠡᠳᠦᠷ


ᠵᠤᠬᠢᠶᠠᠭᠴᠢ ᠶᠢᠨ ᠬᠠ‍‌ᠶᠢᠭ ᠄ ᠰᠦᠨᠢᠳ ᠵᠡᠭᠦᠨ ᠬᠤᠰᠢᠭᠤ

ᠵᠤᠬᠢᠶᠠᠭᠴᠢ᠄ ᠬᠠ᠊·ᠯᠢᠩᠬᠸ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 10048
ᠴᠠᠭ᠄ 2012 ᠤᠨ ᠤ 12 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ