ᠨᠡᠪᠲᠡᠷᠡᠨ ᠤᠷᠤᠬᠤ
ᠮᠤᠩᠭ᠋ᠤᠯ ᠭᠦᠮᠤᠨ

ᠥᠴᠦᠭᠡᠳᠦᠷ

ᠨᠠᠷᠮᠠᠢ ᠭᠦᠭᠡ ᠳᠡᠭ᠍ᠷᠢ ᠶᠢᠨ ᠶᠢᠡᠨ ᠳᠤᠤᠷ᠎ᠠ

ᠨᠠᠮᠢᠷᠠᠭᠰᠠᠨ ᠭᠦᠭᠡ ᠳᠤᠭ ᠶᠢᠡᠨ ᠬᠠᠳᠬᠤᠵᠤ

ᠨᠠᠩᠭᠢᠶᠠᠤᠨ ᠮᠡᠷᠭᠢᠳ ᠣᠯᠠᠨ ᠶᠠᠰᠤᠳᠠᠨ ᠢ

ᠨᠢᠭᠡᠭᠡᠨ ᠵᠢᠯᠤᠭᠤ ᠳᠠᠭᠠᠨ ᠬᠤᠷᠢᠶᠠᠭᠰᠠᠨ

ᠥᠴᠦᠭᠡᠳᠦᠷ ᠤᠨ ᠮᠤᠩᠭ᠋ᠤᠯ ᠭᠦᠮᠤᠨ

ᠳᠡᠭ᠍ᠷᠢ ᠶᠢᠨ ᠳᠤᠤᠷ᠎ᠠ

ᠭᠠᠵᠠᠷ ᠤᠨ ᠳᠡᠭᠡᠷ᠎ᠡ

ᠭᠠᠭᠴᠠᠭᠠᠷ ᠠᠮᠢᠳᠤᠷᠠᠵᠤ ᠪᠠᠢ᠌ᠵᠠᠢ᠃

ᠦᠨᠦᠳᠤᠷ

ᠭᠡᠯᠡ ᠰᠤᠶᠤᠯ ᠤᠨ ᠳᠠᠢ᠌ᠨ ᠳ᠋ᠤ

ᠡᠩᠭᠡ ᠳᠠᠢ᠌ᠪᠣᠩ ᠣᠯᠤᠰ

ᠬᠤᠪᠢ ᠵᠠᠶᠠᠭᠠᠨ ᠤ ᠣᠬᠠᠭᠠᠨ ᠳ᠋ᠤ

ᠭᠡᠨ ᠡᠴᠡ ᠴᠤ ᠮᠡᠷᠭᠡᠨ ᠣᠳᠠᠴᠢ

ᠣᠮᠪᠠᠳᠠᠭ ᠨᠠᠭᠤᠷ ᠡᠴᠡ ᠪᠠᠨ ᠣᠠᠳᠤᠤ

ᠳᠠᠯᠠᠢ ᠳᠤ ᠣᠷᠤᠳᠠᠭ ᠥᠭᠡᠢ

ᠮᠠᠰᠢᠨ ᠳᠤ ᠰᠠᠭᠤᠬᠤ ᠡᠴᠡ

ᠮᠠᠰᠢᠨ ᠵᠠᠰᠠᠳᠠᠭ ᠪᠢᠰᠢ

ᠦᠨᠦᠳᠤᠷ ᠤᠨ ᠮᠤᠩᠭ᠋ᠤᠯ ᠭᠦᠮᠤᠨ

ᠳᠡᠭ᠍ᠷᠢ ᠶᠢᠨ ᠳᠤᠤᠷ᠎ᠠ

ᠭᠠᠵᠠᠷ ᠤᠨ ᠳᠡᠭᠡᠷ᠎ᠡ

ᠠᠮᠤᠷ ᠰᠠᠨᠠᠭᠠᠳᠤ ᠳ᠋ᠠ ᠯᠠᠮ᠎ᠠ ᠪᠣᠯᠵᠠᠢ᠃

ᠮᠠᠷᠭᠠᠰᠢ

ᠴᠢᠰᠤ ᠨᠢ ᠣᠯᠠᠭᠠᠨ ᠣᠳᠤᠮ ᠵᠢᠠᠨ

ᠡᠷᠳᠡᠮ ᠶᠤ ᠪᠠᠷ ᠳᠡᠵᠢᠭᠡᠵᠤ

ᠴᠠᠪᠠᠷ ᠮᠤᠩᠭ᠋ᠤᠯ ᠰᠤᠶᠤᠯ ᠵᠢᠠᠨ

ᠳᠠᠶᠠᠭᠠᠷ ᠪᠢᠳᠠ ᠡᠷᠭᠦᠳᠡᠭ᠌ ᠪᠣᠯ

ᠡ︕ ᠮᠠᠷᠭᠠᠰᠢ ᠶᠢᠨ ᠮᠤᠩᠭ᠋ᠤᠯ ᠭᠦᠮᠤᠨ

ᠳᠡᠭ᠍ᠷᠢ ᠶᠢᠨ ᠳᠤᠤᠷ᠎ᠠ

ᠭᠠᠵᠠᠷ ᠤᠨ ᠳᠡᠭᠡᠷ᠎ᠡ

ᠨᠠᠷᠠ ᠡ︕ ᠨᠠᠷᠠ᠃

ᠵᠤᠬᠢᠶᠠᠭᠴᠢ᠄ ᠱᠤ ᠭᠤᠸᠠᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3571
ᠴᠠᠭ᠄ 2009 ᠤᠨ ᠤ 06 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ