ᠨᠡᠪᠲᠡᠷᠡᠨ ᠤᠷᠤᠬᠤ
ᠶ‍ᠢᠰᠤᠨ ᠰᠠᠷ᠎ᠠ ᠶᠢᠨ ᠶ‍ᠢᠰᠤᠨ ᠤ ᠳᠡᠭ᠍ᠷᠢ

ᠶ‍ᠢᠰᠤᠨ ᠰᠠᠷ᠎ᠠ ᠶᠢᠨ ᠶ‍ᠢᠰᠤᠨ ᠤ ᠳᠡᠭ᠍ᠷᠢ

ᠡᠵᠡᠨ ᠳᠡᠭ᠍ᠷᠢ ᠶᠢᠨ ᠰᠠᠭᠢᠭᠤᠰᠤ ᠣᠷᠢᠯ᠎ᠠ

ᠥᠩᠭᠡ ᠪᠠᠢ᠌ᠭᠠᠯᠢ ᠶᠢᠨ ᠨᠠᠢ᠌ᠷᠠᠭ ᠭᠡᠯᠭᠢᠨ

ᠡᠪ ᠨᠠᠢ᠌ᠷ ᠤᠨ ᠶᠠᠳᠤᠭ᠎ᠠ ᠴᠢᠪᠬᠠᠳᠠᠯ᠎ᠠ

ᠠᠯᠳᠠᠨ ᠯᠢᠩᠬᠤᠸ᠎ᠠ ᠶᠢᠨ ᠳᠠᠯᠪᠢ ᠵᠠᠳᠠᠷᠠᠭᠤᠯᠤᠨ

ᠠᠮᠢᠯᠠᠯ ᠤᠨ ᠪᠠᠳᠮᠠᠷᠠᠭ᠎ᠠ ᠡᠷᠭᠦᠯ᠎ᠡ


ᠶ‍ᠢᠰᠤᠨ ᠰᠠᠷ᠎ᠠ ᠶᠢᠨ ᠶ‍ᠢᠰᠤᠨ ᠤ ᠳᠡᠭ᠍ᠷᠢ

ᠬᠠᠢ᠌ᠷ᠎ᠠ ᠶᠢᠨ ᠭᠡᠰᠡᠷ ᠴᠡᠴᠡᠭᠯᠡᠭᠦᠯᠤᠨ

ᠨᠤᠮ ᠤᠨ ᠨᠤᠲ᠋ ᠣᠶᠠᠩᠭ᠋ᠠᠯᠠᠯ᠎ᠠ

ᠨᠠᠢ᠌ᠷ ᠤᠨ ᠡᠭᠦᠯᠡ ᠪᠦᠵᠢᠭᠯᠡᠭᠦᠯᠤᠨ

ᠭᠦᠰᠡᠯ ᠤᠨ ᠬᠤᠷ᠎ᠠ ᠱᠠᠭᠢᠭᠤᠯᠤᠯ᠎ᠠ


ᠶ‍ᠢᠰᠤᠨ ᠰᠠᠷ᠎ᠠ ᠶᠢᠨ ᠶ‍ᠢᠰᠤᠨ ᠤ ᠳᠡᠭ᠍ᠷᠢ

ᠭᠡᠭᠡᠨ ᠳᠤᠩᠭ᠋ᠠᠯᠠᠭ ᠴᠡᠴᠡᠭ᠌ ᠤᠨ ᠵᠢᠰᠤ ᠣᠯᠠᠯᠵᠠᠭᠤᠯᠤᠨ

ᠴᠡᠩᠭᠡᠷ ᠭᠦᠭᠡ ᠬᠠᠳᠠᠭ ᠤᠨ ᠵᠦᠩᠨᠠᠯ ᠳᠡᠪᠰᠢᠭᠦᠯᠤᠨ

ᠨᠤᠮᠢᠨ ᠨᠤᠭᠤᠭᠠᠨ ᠳᠠᠯ᠎ᠠ ᠶᠢᠨ ᠵᠡᠭᠦᠳᠤ ᠡᠷᠭᠦᠨ

ᠡᠰᠡᠷᠸ᠎ᠡ ᠰᠢᠡᠵᠢᠭᠦ ᠳᠸᠭ᠍ᠨᠢᠭ᠌ ᠣᠯᠠᠮᠯᠠᠨ

ᠦᠷ ᠶᠢᠡᠷ ᠵᠢᠷᠭᠢᠭᠦ ᠰᠢᠪᠠᠭᠤᠳ ᠣᠷᠢᠨ

ᠦᠷᠯᠦᠭ᠌ ᠪᠣᠯᠪᠠᠰᠤᠨ ᠰᠤᠷᠳᠠᠯ ᠳᠤᠭᠤᠷᠪᠢᠨ᠎ᠠ


ᠶ‍ᠢᠰᠤᠨ ᠰᠠᠷ᠎ᠠ ᠶᠢᠨ ᠶ‍ᠢᠰᠤᠨ ᠤ ᠳᠡᠭ᠍ᠷᠢ

ᠭᠦᠳᠡᠭᠡ ᠳᠡᠷᠭᠡᠯ ᠮᠤᠩᠭ᠋ᠤᠯ ᠶᠤᠰᠤ ᠴᠠᠳᠢᠭᠯᠠᠨ

ᠠᠮᠢᠨ ᠵᠠᠶᠠᠭᠠᠳᠤ ᠬᠠᠷ᠎ᠠ ᠰᠦᠯᠳᠡ ᠡᠷᠭᠦᠨ᠎ᠡ

ᠮᠥᠩᠭᠡ ᠭᠦᠡᠳᠦᠳᠤ ᠰᠢᠷᠡᠭᠡᠨ ᠳᠠᠭᠢᠯᠭ᠎ᠠ ᠢᠳᠠᠮᠯᠠᠨ

ᠦᠣᠭᠡ ᠳᠡᠦᠭᠡ ᠶᠢᠨ ᠣᠯᠪᠠᠭ᠎ᠠ ᠮᠦᠷ ᠬᠠᠢ᠌ᠨ᠎ᠠ

ᠡᠯᠢᠭᠡ ᠪᠦᠳᠤᠨ ᠠᠮᠢᠳᠤᠷᠠᠯ ᠵᠠᠶᠠᠭ᠎ᠠ ᠵᠦᠩᠨᠠᠨ

ᠡᠷᠢᠯ ᠭᠦᠰᠡᠯ ᠤᠨ ᠴᠤᠭ ᠵᠤᠯᠪᠣᠭ᠎ᠠ ᠵᠢᠷᠤᠭᠯᠠᠨ᠎ᠠ


ᠶ‍ᠢᠰᠤᠨ ᠰᠠᠷ᠎ᠠ ᠶᠢᠨ ᠶ‍ᠢᠰᠤᠨ ᠤ ᠳᠡᠭ᠍ᠷᠢ

ᠬᠠᠷᠠᠭᠠᠨ ᠤ ᠦᠵᠦᠭᠦᠷ ᠲᠦᠮᠡᠨ ᠭᠠᠵᠠᠷ ᠳᠤᠩᠭ᠋ᠠᠯᠠᠭᠰᠢᠭᠠᠤᠨ

ᠬᠤᠩᠭ᠋ᠤᠷ ᠰᠡᠳᠭᠢᠯ ᠤᠨ ᠪᠣᠮᠠᠨ ᠡᠭᠡᠰᠢᠭ᠌ ᠨᠠᠢ᠌ᠷᠠᠯ᠎ᠠ

ᠡᠷᠭᠡ ᠴᠢᠮᠪᠠᠢ ᠡᠷ᠎ᠡ ᠵᠢᠪᠬᠤᠭ᠎ᠠ ᠰᠥᠩᠨᠡᠭᠡᠳ

ᠡᠰᠡᠷᠸ᠎ᠡ ᠳᠡᠭ᠍ᠷᠢ ᠶᠢᠨ ᠰᠦᠷ ᠰᠦᠯᠳᠡ ᠪᠠᠨ ᠳᠤᠩᠬᠠᠭᠯᠠᠯ᠎ᠠ


ᠶ‍ᠢᠰᠤᠨ ᠰᠠᠷ᠎ᠠ ᠶᠢᠨ ᠶ‍ᠢᠰᠤᠨ ᠤ ᠳᠡᠭ᠍ᠷᠢ

ᠰᠥᠰᠦᠭᠯᠡᠵᠤ ᠮᠦᠷᠭᠦᠭᠦ ᠳᠤ

ᠰᠠᠨᠠᠭᠠᠨ ᠤ ᠦᠵᠦᠭᠦᠷ ᠨᠠᠷᠠ ᠮᠠᠠᠳᠤᠨ᠎ᠠ

ᠢᠳᠠᠮᠯᠠᠵᠤ ᠰᠥᠭᠦᠷᠡᠭᠦ ᠳ᠋ᠤ

ᠡᠷᠳᠡ ᠶᠢᠨ ᠨᠠᠷᠠ ᠣᠯᠠᠭᠠᠨ ᠡᠴᠠ ᠣᠯᠠᠭᠠᠨ ᠮᠠᠠᠳᠤᠨ᠎ᠠ


ᠶ‍ᠢᠰᠤᠨ ᠰᠠᠷ᠎ᠠ ᠶᠢᠨ ᠶ‍ᠢᠰᠤᠨ ᠤ ᠳᠡᠭ᠍ᠷᠢ

ᠦᠨᠢᠳᠠ ᠵᠢᠷᠭᠠᠯ ᠤᠨ ᠳᠤᠷᠭᠠᠨ ᠨᠤᠭᠤᠭᠠᠨ ᠠᠪᠢᠶ᠎ᠠ ᠳᠤᠭᠢᠯ᠎ᠠ

ᠦᠪ ᠰᠤᠶᠤᠯ ᠤᠨ ᠣᠤᠷ ᠴᠢᠨᠠᠷ ᠤᠨ ᠦᠷᠭᠦᠯᠵᠢᠯᠡᠯ ᠳᠤᠪᠭᠢᠯ᠎ᠠ

ᠪᠠᠶᠠᠷ ᠪᠠᠶᠠᠰᠤᠯ ᠤᠨ ᠭᠦᠰᠡᠯ ᠤᠨ ᠶ‍ᠢᠷᠳᠢᠠᠴᠤ ᠱᠤᠭᠤᠯ᠎ᠠ

ᠪᠠᠬᠠᠳᠤᠯᠳᠤ ᠰᠠᠢ᠌ᠬᠠᠨ ᠢᠷᠡᠭᠡᠳᠦᠢ ᠲᠦᠰᠤᠪ ᠵᠢᠷᠤᠭᠯᠠᠯ᠎ᠠ


ᠶ‍ᠢᠰᠤᠨ ᠰᠠᠷ᠎ᠠ ᠶᠢᠨ ᠶ‍ᠢᠰᠤᠨ ᠤ ᠳᠡᠭ᠍ᠷᠢ

ᠬᠤᠷᠤᠢ ︕ ᠬᠤᠷᠤᠢ ︕

ᠡᠯᠢᠭᠡ ᠪᠦᠳᠤᠨ ᠮᠤᠩᠭ᠋ᠤᠯ ᠶᠤᠰᠤ

ᠬᠤᠷᠤᠢ ︕ ᠬᠤᠷᠤᠢ ︕

                


ᠵᠤᠬᠢᠶᠠᠭᠴᠢ ᠶᠢᠨ ᠬᠠ‍‌ᠶᠢᠭ ᠄ ᠦᠪᠣᠷ ᠮᠤᠩᠭ᠋ᠤᠯ ᠤᠨ ᠭᠢᠩᠭ᠋ᠠᠨ ᠠᠢ᠌ᠮᠠᠭ ᠤᠨ ᠬᠤᠷᠴᠢᠨ ᠪᠠᠷᠠᠭᠤᠨ ᠭᠠᠷᠤᠨ ᠳᠤᠮᠳᠠᠳᠤ  ᠬᠤᠰᠢᠭᠤᠨ ᠤ ᠪᠠᠶᠠᠠᠬᠤᠰᠢᠭᠤ ᠳᠦᠷᠪᠠᠳᠦᠭᠡᠷ ᠳᠤᠮᠳᠠᠳᠤ ᠰᠤᠷᠭᠠᠭᠤᠯᠢ

ᠵᠤᠬᠢᠶᠠᠭᠴᠢ᠄ ᠰᠠᠷᠠᠭᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 10098
ᠴᠠᠭ᠄ 2013 ᠤᠨ ᠤ 10 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ