ᠨᠡᠪᠲᠡᠷᠡᠨ ᠤᠷᠤᠬᠤ
ᠢᠨᠵᠠᠨᠨᠠᠰᠢ

ᠢᠠᠵᠠᠠᠨᠠᠰᠢ (1837 ᠊᠊᠊᠊᠊᠊᠊᠊᠊᠊᠊᠊᠊᠊᠊ 1892) ᠪᠣᠯ ᠵᠤᠰᠤᠳᠤ ᠶᠢᠨ ᠴᠢᠭᠤᠯᠭᠠᠨ ᠤ ᠲᠦᠮᠡᠳ ᠪᠠᠷᠠᠭᠤᠨ ᠬᠤᠰᠢᠭᠤᠨ ᠤ ᠳᠤᠰᠠᠯᠠᠭᠴᠢ ᠳᠠᠢ᠌ᠵᠢ ᠸᠠᠩᠴᠢᠨᠪᠠᠯᠠ ᠶᠢᠨ ᠳᠤᠯᠤᠳᠤᠭᠠᠷ ᠭᠦᠪᠠᠭᠦᠨ ᠨᠢ ᠪᠣᠯᠤᠨ᠎ᠠ᠃ ᠪᠠᠭ᠎ᠠ ᠶᠢᠨ ᠨᠠᠷ᠎ᠠ ᠨᠢ ᠬᠠᠰᠴᠢᠯᠠᠭᠤ᠂ ᠭᠢᠳᠠᠤᠨ ᠨᠠᠷ᠎ᠠ ᠨᠢ ᠪᠣᠤ ᠾᠸᠩ ᠱᠠᠨ᠂ ᠡᠷᠭᠦᠭ᠍ᠰᠡᠨ ᠨᠠᠷ᠎ᠠ ᠷᠦᠨ ᠳᠢᠩ ᠭᠡᠳᠡᠭ᠌᠃

ᠢᠠᠵᠠᠠᠨᠠᠰᠢ ᠶᠢᠨ ᠡᠴᠢᠭᠡ ᠪᠠ ᠠᠬ᠎ᠠ ᠨᠡᠷ ᠨᠢ ᠴᠦᠮ ᠮᠤᠩᠭᠤᠯ᠂ ᠭᠢᠳᠠᠤᠨ ᠪᠢᠴᠢᠭ᠌ ᠰᠠᠢ᠌ᠨ ᠮᠡᠳᠡᠳᠡᠭ᠌ ᠪᠦᠭᠡᠤᠨ ᠣᠷᠠᠨ ᠵᠤᠬᠢᠶᠠᠯ ᠳᠤ ᠳᠤᠷ᠎ᠠ ᠪᠠᠬ᠎ᠠ ᠲᠡᠶ ᠪᠠᠢ᠌ᠭᠰᠠᠨ ᠶᠤᠮ᠃ ᠳᠡᠭᠦᠨ ᠤ ᠶᠡᠭᠡ ᠠᠬ᠎ᠠ ᠭᠦᠯᠡᠷᠡᠡᠽᠠ ᠪᠣᠯ ᠡᠭᠡ ᠣᠷᠤᠠᠴᠢ ᠰᠢᠯᠦᠭ᠍ᠴᠢᠨ ᠪᠣᠯᠤᠨ᠎ᠠ᠃

ᠢᠠᠵᠠᠠᠨᠠᠰᠢ ᠠᠭᠤᠤ ᠶᠡᠭᠡ ᠦᠨᠳᠦᠰᠦᠳᠠᠨ ᠤ ᠠᠷᠠᠤᠠᠴᠢᠯᠠᠭᠰᠠᠨ ᠦᠵᠡᠯᠳᠠᠨ ᠪᠣᠯᠤᠭᠰᠠᠨ ᠤᠨ ᠬᠤᠪᠢ ᠳᠤ᠂ ᠡᠩ ᠳᠡᠷᠢᠭᠦᠨ ᠳᠤ ᠮᠤᠩᠭ᠋ᠤᠯ ᠤᠨ ᠬᠠᠷ᠎ᠠ ᠰᠢᠷ᠎ᠠ ᠹᠧᠤᠳᠠᠯ᠂ ᠢᠯᠠᠩᠭ᠋ᠤᠶ᠎ᠠ ᠹᠧᠥᠳᠠᠯ ᠤᠨ ᠪᠠᠢ᠌ᠭᠤᠯᠤᠯ ᠤᠨ ᠦᠵᠡᠯ ᠰᠠᠨᠠᠭᠠᠨ ᠤ ᠳᠦᠰᠢᠭ᠌ ᠳᠤᠯᠭᠠᠭᠤᠷᠢ ᠪᠣᠯᠤᠭᠰᠠᠨ ᠰᠢᠷ᠎ᠠ ᠶᠢᠨ ᠱᠠᠰᠢᠨ ᠢ ᠬᠠᠢ᠌ᠷ᠎ᠠ ᠨᠠᠢ᠌ᠷ ᠦᠭᠡᠶ ᠢᠯᠠᠴᠢᠯᠠᠨ ᠳᠠᠭᠠᠷᠢᠵᠤ᠂ ᠳᠠᠢ᠌ᠴᠢᠩ ᠭᠦᠷᠤᠨ ᠤ ᠨᠤᠶᠠᠷᠬᠠᠭᠴᠢᠳ ᠤᠨ ᠭᠠᠳᠠᠭᠠᠳᠤ ᠳᠤ ᠬᠠᠷᠢ ᠶᠢᠨ ᠵᠤᠯᠢᠭ ᠲᠤ ᠪᠠᠭᠤᠵᠤ ᠦᠭ‍ᠭᠦᠭᠡᠤᠨ᠂ ᠳᠤᠳᠤᠭᠠᠳᠤ ᠳᠤ ᠦᠨᠳᠦᠰᠦᠳᠠᠨ ᠤ ᠳᠡᠭᠡᠷᠡᠩᠭᠦᠢ ᠦᠵᠡᠯ ᠶᠢᠡᠷ ᠴᠥᠭᠡᠨ ᠳᠤᠭᠠᠳᠤ ᠦᠨᠳᠦᠰᠦᠳᠠᠨ ᠨᠤᠭᠦᠳ ᠢ ᠭᠢᠬᠠᠨ ᠭᠠᠳᠠᠭᠤᠷᠴᠢᠯᠠᠭᠰᠠᠨ ᠶᠠᠯ᠎ᠠ ᠭᠡᠮ ᠢ ᠢᠯᠡᠴᠢᠯᠡᠭ᠍ᠰᠡᠨ ᠠᠯᠢ ᠣᠯᠠᠨ ᠵᠤᠬᠢᠶᠠᠯ ᠪᠦᠳᠦᠭᠡᠯ ᠪᠢᠴᠢᠵᠠᠢ᠃

ᠳᠡᠭᠦᠨ ᠤ ᠭᠤᠤᠯ ᠪᠣᠯᠬᠤ ᠵᠤᠬᠢᠶᠠᠯ ᠪᠦᠳᠦᠭᠡᠯ ᠡᠴᠡ ᠳᠤᠷᠠᠳᠤᠪᠠᠯ᠂ ᠡᠷᠳᠡᠨ ᠢ ᠰᠠᠨᠠᠭᠠᠯᠵᠠᠵᠤ᠂ ᠡᠳᠦᠭᠡ ᠶᠢ ᠰᠢᠭᠦᠮᠵᠢᠯᠡᠭ᠍ᠰᠡᠨ ᠳᠡᠦᠭᠡᠨ ᠷᠤᠮᠠᠨ 《ᠭᠦᠭᠡ ᠰᠤᠳᠤᠷ》᠂ ᠳᠤᠬᠠᠢ ᠶᠢᠨ ᠠᠮᠢᠳᠤᠷᠠᠯ ᠢ ᠳᠤᠰᠬᠠᠭᠰᠠᠨ ᠠᠬᠤᠢ᠌ᠴᠢ ᠦᠵᠡᠯ ᠤᠨ ᠷᠤᠮᠠᠨ 《ᠨᠢᠭᠡᠨ ᠳᠠᠪᠬᠤᠷ ᠠᠰᠠᠷ》 ᠭᠢᠭᠡᠤᠨ 《ᠣᠯᠠᠭᠠᠨ᠎ᠠ ᠣᠭᠢᠯᠠᠬᠤ ᠳᠢᠩᠭᠢᠮ》᠂ ᠡᠭᠦᠡᠴᠡ ᠭᠠᠳᠠᠨ᠎ᠠ ᠪᠠᠰᠠ 《ᠴᠢᠯᠠᠭᠤᠨ ᠳᠠᠷ᠎ᠠ ᠶᠢᠨ ᠰᠢᠭᠦᠮᠵᠢᠯᠡᠯ》᠂ 《ᠨᠤᠮᠴᠢ ᠶᠢᠨ ᠬᠠᠭᠤᠷᠮᠠᠭ》᠂ 《ᠦᠨᠵᠯ ᠰᠠᠨᠠᠭ᠎ᠠ ᠶᠢ ᠨᠢ ᠡᠰᠡ ᠮᠠᠳᠠᠪᠠ》᠂ 《ᠡᠷᠳᠡᠮᠳᠡᠨ ᠢ ᠵᠠᠨᠤᠵᠤ ᠴᠢᠳᠠᠯᠳᠠᠨ ᠳᠤ ᠬᠤᠷᠤᠰᠤᠭᠴᠢᠳ》 ᠭᠡᠭᠦ ᠮᠠᠳᠤ ᠶᠢᠨ ᠬᠤᠴᠢ ᠵᠤᠬᠢᠶᠠᠯ ᠤᠳ ᠢ ᠪᠢᠴᠢᠭ᠍ᠰᠡᠨ ᠪᠦᠭᠡᠤᠨ 《ᠶᠠᠳᠠᠭᠤ ᠳᠠᠷᠢᠶᠠᠴᠢᠨ》᠂ 《ᠴᠠᠭᠠᠨ ᠡᠭᠦᠯᠡ》 ᠮᠠᠳᠤ ᠨᠠᠯᠢᠶᠠᠤᠨ ᠣᠯᠠᠨ ᠰᠢᠯᠦᠭ᠌ ᠳᠠᠭᠤᠯᠠᠯ ᠵᠤᠬᠢᠶᠠᠨ ᠪᠦᠳᠦᠭᠡᠭ᠍ᠰᠡᠨ ᠶᠤᠮ᠃ ᠡᠳᠡᠭᠡᠷ ᠰᠢᠯᠦᠭ᠌ ᠳᠠᠭᠤᠯᠠᠯ ᠤᠨ ᠣᠯᠠᠩᠭᠢ ᠨᠢ ᠪᠦᠷ 《ᠭᠦᠭᠡ ᠰᠤᠳᠤᠷ》᠂ 《ᠨᠢᠭᠡᠨ ᠳᠠᠪᠬᠤᠷ ᠠᠰᠠᠷ》 ᠵᠡᠷᠭᠡ ᠷᠤᠮᠠᠨ ᠳᠤ ᠣᠷᠤᠭᠰᠠᠨ ᠪᠠᠢ᠌ᠳᠠᠭ᠃

ᠳᠡᠦᠭᠡᠨ ᠷᠤᠮᠠᠨ 《ᠭᠦᠭᠡ ᠰᠤᠳᠤᠷ》 ᠪᠣᠯ 1871 ᠣᠨ ᠳᠤ ᠨᠤᠤᠷᠠᠭᠯᠠᠭᠳᠠᠭᠰᠠᠨ ᠵᠤᠬᠢᠶᠠᠯ ᠶᠤᠮ᠃ ᠨᠠᠢ᠌ᠳᠠ ᠳᠦᠷᠪᠡᠨ ᠪᠣᠳᠢ᠂ ᠵᠢᠷᠠ ᠶ‍ᠢᠰᠤᠨ ᠪᠦᠯᠦᠭ᠌ ᠲᠡᠶ᠃ ᠳᠤᠰ ᠷᠤᠮᠠᠨ ᠳᠤ ᠭᠤᠤᠯᠳᠠᠭᠤ ᠳᠤᠷᠤᠢ ᠪᠠᠭᠤᠷᠠᠢ ᠪᠠᠢ᠌ᠭᠰᠠᠨ ᠮᠤᠩ ᠠᠢ᠌ᠮᠠᠭ ᠳᠠᠮᠤᠵᠢᠨ ᠤ ᠣᠳᠤᠷᠢᠳᠤᠯᠭ᠎ᠠ ᠳᠤᠤᠷ᠎ᠠ ᠪᠠᠳᠠᠷᠠᠨ ᠭᠦᠭ᠍ᠵᠢᠭᠡᠤᠨ ᠮᠤᠩᠭ᠋ᠤᠯ ᠤᠨ ᠥᠡᠳᠦᠷᠯᠢᠭ᠌ ᠤᠨ ᠨᠡᠭᠦᠳᠡᠯᠴᠢᠨ ᠣᠪᠣᠭ ᠠᠢ᠌ᠮᠠᠭ ᠤᠳ ᠢ ᠨᠢᠭᠡᠳᠭᠡᠨ᠂ ᠭᠦᠭᠡ ᠮᠤᠩᠭ᠋ᠤᠯ ᠣᠯᠤᠰ ᠢ ᠪᠠᠢ᠌ᠭᠤᠯᠵᠤ᠂ ᠮᠤᠩᠭ᠋ᠤᠯ ᠦᠨᠳᠦᠰᠦᠳᠠᠨ ᠢ ᠪᠦᠷᠢᠯᠳᠦᠭᠦᠯᠦᠭ᠍ᠰᠡᠨ ᠳᠡᠦᠭᠡ ᠶᠢᠨ ᠦᠨᠡᠨ ᠶᠢᠡᠷ ᠰᠠᠳᠤᠪᠯᠠᠨ᠂ ᠳᠠᠮᠤᠵᠢᠨ ᠤ ᠨᠢᠭᠡ ᠨᠠᠰᠤ ᠪᠠ ᠳᠡᠭᠦᠨ ᠤ ᠵᠠᠯᠭᠠᠮᠵᠢᠯᠠᠭᠴᠢ ᠥᠭᠡᠳᠡᠢ ᠬᠠᠭᠠᠨ ᠤ ᠦᠶ᠎ᠡ ᠳᠤ ᠥᠷᠭᠦᠯᠵᠢᠯᠡᠨ ᠪᠦᠭᠦ ᠳᠤᠮᠳᠠᠳᠤ ᠣᠯᠤᠰ ᠢ ᠨᠢᠭᠡᠳᠭᠡᠭᠦ ᠪᠠᠷ ᠳᠡᠮᠡᠴᠡᠭ᠍ᠰᠡᠨ ᠣᠢ᠌ᠯᠠ ᠶᠠᠪᠣᠳᠠᠯ ᠢ ᠪᠢᠴᠢᠵᠠᠢ᠃

《ᠭᠦᠭᠡ ᠰᠤᠳᠤᠷ》 ᠳᠠᠭᠢ ᠪᠠᠭᠠᠳᠤᠷ ᠴᠢᠩᠭᠢᠰ ᠪᠣᠯ ᠳᠡᠦᠭᠡ ᠶᠢᠨ ᠦᠨᠳᠦᠰᠦ ᠲᠡᠶ ᠪᠦᠭᠡᠤᠨ ᠳᠤᠬᠠᠢ ᠶᠢᠨ ᠴᠠᠭ ᠳᠠᠭᠢ ᠹᠧᠥᠳᠠᠯ ᠤᠳ ᠤᠨ ᠵᠡᠷᠭᠡᠴᠡᠭᠦᠯᠦᠯ ᠪᠣᠯᠤᠭᠰᠠᠨ ᠢᠠᠵᠠᠠᠨᠠᠰᠢ ᠶᠢᠨ ᠭᠦᠰᠡᠯᠡᠩ ᠤᠨ ᠳᠦᠷᠢ ᠪᠣᠯᠤᠨ᠎ᠠ᠃

《ᠭᠦᠭᠡ ᠰᠤᠳᠤᠷ》 ᠲᠤ ᠳᠡᠦᠭᠡᠳᠤ ᠭᠦᠮᠦᠰ ᠤᠨ ᠥᠭᠡ ᠶᠠᠷᠢᠶ᠎ᠠ᠂ ᠣᠢ᠌ᠯᠠ ᠠᠵᠢᠯᠯᠠᠭ᠎ᠠ ᠪᠠᠷ ᠳᠠᠮᠵᠢᠭᠤᠯᠵᠤ ᠪᠠᠢ᠌ᠭᠠᠤᠨ ᠦᠨᠳᠦᠰᠦᠳᠠᠨ ᠤ ᠳᠠᠷᠤᠯᠠᠯ ᠳᠤᠷᠤᠮᠵᠢᠯᠠᠯ ᠢ ᠡᠰᠡᠷᠭᠦᠴᠡᠵᠤ᠂ ᠪᠦᠯᠭᠦᠮᠳᠡᠯ ᠨᠢᠭᠡᠳᠦᠯ ᠢ ᠡᠷᠭᠢᠮᠯᠡᠭᠦ᠂ ᠡᠷᠳᠡᠮᠳᠡᠨ ᠴᠢᠳᠠᠪᠣᠷᠢᠳᠠᠨ ᠢ ᠭᠦᠡᠳᠦᠦᠡᠭᠡᠨ ᠭᠡᠷᠡᠭᠯᠡᠭᠦ᠂ ᠡᠷᠡᠭ᠍ᠳᠡᠢ ᠡᠮᠡᠭ᠍ᠳᠡᠢ ᠶᠢ ᠠᠳᠠᠯᠢ ᠳᠡᠭ᠍ᠰᠢ ᠪᠠᠷ ᠥᠵᠡᠭᠦ᠂ ᠴᠠᠪᠠᠷ ᠢᠨᠠᠭ ᠴᠢᠯᠦᠭᠡᠳᠤ ᠣᠷᠤᠭ ᠢ ᠰᠡᠷᠭᠦᠭᠡᠭᠦ᠂ ᠠᠷᠠᠤᠨ ᠣᠯᠠᠨ ᠤ ᠠᠯᠪᠠ ᠳᠠᠳᠠᠪᠣᠷᠢ ᠶᠢ ᠪᠠᠭᠠᠰᠬᠠᠬᠤ ᠮᠠᠳᠤ ᠶᠢᠨ ᠦᠵᠡᠯ ᠰᠠᠨᠠᠭ᠎ᠠ ᠶᠢ ᠢᠯᠡᠷᠡᠭᠦᠯᠵᠤ᠂ ᠳᠠᠢ᠌ᠴᠢᠩ ᠭᠦᠷᠤᠨ ᠤ ᠹᠧᠤᠳᠠᠯ ᠨᠤᠶᠠᠷᠬᠠᠭᠴᠢᠳ ᠤᠨ ᠥᠭᠡᠡᠴᠡ ᠳᠤᠷᠤᠢ ᠬᠠᠷᠢ ᠳᠤ ᠪᠠᠭᠤᠵᠤ ᠦᠭ‍ᠭᠦᠭᠡᠤᠨ ᠳᠤᠰᠠᠭᠠᠷ ᠳᠤᠭᠳᠠᠨᠢᠯ ᠤᠨ ᠡᠷᠭᠡ ᠮᠠᠳᠠᠯ ᠶᠢᠡᠨ ᠠᠯᠳᠠᠭᠰᠠᠨ ᠶᠠᠪᠣᠳᠠᠯ ᠢ ᠳᠠᠯᠳᠠᠭᠤᠷ ᠶ‍ᠥᠭᠡᠳᠡᠨ ᠳᠠᠭᠠᠷᠢᠭᠰᠠᠨ ᠶᠤᠮ᠃


ᠬᠠᠷᠢᠶ᠎ᠠ᠄ ᠡᠷᠬᠢᠮ ᠴᠤᠤᠲᠠᠳ
ᠳᠠᠷᠤᠮ᠄ 57600
ᠴᠠᠭ᠄ 2004 ᠤᠨ ᠤ 11 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ