ᠨᠡᠪᠲᠡᠷᠡᠨ ᠤᠷᠤᠬᠤ
ᠨᠤᠭᠤᠭᠠᠨ  

ᠤᠳ᠋ᠠ ᠮᠤᠳ᠋ᠤ

ᠤᠭ᠍ᠶᠤ ᠭᠦᠰᠡᠯ ᠶᠢᠡᠨ

ᠰᠠᠯᠠᠭᠠᠨ ᠳ᠋ᠥ ᠤᠶᠠᠵᠤ

ᠰᠠᠯᠭᠢᠨ ᠳ᠋ᠥ ᠨᠠᠮᠢᠷᠠᠭᠤᠯᠤᠨ᠎ᠠ


ᠰᠢᠪᠠᠭᠤ ᠲᠤᠷᠠᠯᠠᠭᠠᠳ

ᠲᠠᠭᠤᠤ ᠡᠷᠭᠦᠵᠦ

ᠡᠭᠦᠯᠡ ᠬᠠᠢ᠌ᠷᠠᠯᠠᠭᠠᠳ

ᠬᠠᠳ᠋ᠠᠭ ᠲᠠᠳ᠋ᠠᠨ᠎ᠠ


ᠲᠡᠭᠡᠷ᠎ᠠ ᠨᠢ

ᠲᠡᠭ᠍ᠷᠢ ᠭᠦᠭᠡᠷᠡᠵᠤ

ᠲᠤᠤᠷ᠎ᠠ ᠨᠢ

ᠲᠡᠯᠡᠭᠡᠢ ᠨᠤᠮᠢᠷᠡᠨ᠎ᠠ

ᠪᠢ ᠪᠢᠷ ᠤᠨᠤᠵᠤ

ᠲᠤᠷᠭᠠᠨ ᠲᠠᠯ᠎ᠠ ᠪᠠᠷ

ᠲᠤᠭᠤᠰᠤ ᠦᠭᠡᠶ ᠲᠠᠪᠭᠢᠨ᠎ᠠ᠁

ᠵᠤᠬᠢᠶᠠᠭᠴᠢ᠄ ᠭᠠᠩᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2315
ᠴᠠᠭ᠄ 2023 ᠤᠨ ᠤ 09 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ