☆ ᠲᠦᠪᠰᠢᠨ
ᠡᠨᠡᠷᠢᠯ ᠤᠨ ᠥᠯᠦᠭᠡᠢ ᠊᠊᠊᠊᠊᠊᠊᠊᠊᠊᠊᠊᠊᠊᠊ ᠰᠤᠷᠭᠠᠭᠤᠯᠢ ᠮᠢᠨᠢ
ᠰᠦᠨᠢᠳ ᠪᠠᠷᠠᠭᠤᠨ ᠬᠤᠰᠢᠭᠤᠨ ᠤ ᠮᠤᠩᠭ᠋ᠤᠯ ᠪᠠᠭ᠎ᠠ ᠰᠤᠷᠭᠠᠭᠤᠯᠢ ᠳᠤ ᠪᠠᠨ ᠡᠷᠭᠦᠨ ᠪᠠᠷᠢᠶ᠎ᠠ
ᠮᠤᠩᠭ᠋ᠤᠯ ᠰᠤᠶᠤᠯ ᠤᠨ ᠨᠠᠠᠳᠢᠨ ᠣᠢ᠌ᠯᠠᠰ ᠢ
ᠣᠯᠠᠮᠵᠢᠯᠠᠵᠤ ᠭᠦᠷᠳᠡᠭᠡᠭ᠍ᠰᠡᠨ ᠡᠵᠢ ᠰᠤᠷᠭᠠᠭᠤᠯᠢ
ᠣᠤᠭᠠᠯ ᠰᠤᠶᠤᠯ ᠤᠨ ᠠᠷᠢᠭᠤᠨ ᠭᠤᠯᠤᠮᠳᠠ ᠳ᠋ᠤ
ᠣᠴᠢᠯᠠᠨ ᠳᠦᠷᠡᠯᠵᠡᠭ᠍ᠰᠡᠨ ᠡᠭᠡ ᠰᠤᠷᠭᠠᠭᠤᠯᠢ
ᠳᠤᠯᠭ᠎ᠠ ᠶᠢᠨ ᠭᠤᠷᠪᠠᠨ ᠴᠢᠯᠠᠭᠤ ᠶᠢ
ᠳᠤᠭᠤᠷᠢᠭᠯᠠᠵᠤ ᠳᠤᠯᠤᠭᠰᠠᠨ ᠡᠨᠡᠷᠢᠯ ᠤᠨ ᠥᠯᠦᠭᠡᠢ
ᠳᠠᠷᠬᠠᠨ ᠮᠤᠩᠭ᠋ᠤᠯ ᠤᠨ ᠦᠪ ᠰᠤᠶᠤᠯ ᠢ
ᠪᠠᠭᠠᠴᠤᠳ ᠳᠤ ᠪᠠᠨ ᠰᠤᠶᠤᠷᠬᠠᠭᠰᠠᠨ ᠬᠠᠢ᠌ᠷ᠎ᠠ ᠶᠢᠨ ᠳᠠᠯᠠᠢ
ᠳᠡᠨᠢᠭᠡᠷ ᠳᠠᠮᠤᠴᠢ ᠶᠢᠨ ᠰᠢᠮᠢᠯᠢᠭ᠌ ᠭᠦᠷᠦᠰᠤᠨ ᠳᠤ
ᠪᠠᠳᠠᠷᠠᠨ ᠴᠡᠴᠡᠭᠯᠡᠭ᠍ᠰᠡᠨ ᠡᠷᠳᠡᠮ ᠤᠨ ᠭᠤᠯᠤᠮᠳᠠ
ᠳᠡᠭ᠍ᠷᠢᠯᠢᠭ᠌ ᠤᠭᠰᠠᠭᠠᠳᠠᠨ ᠤ ᠰᠢᠯᠢᠳᠡᠭ᠌ ᠰᠤᠶᠤᠯ ᠢ
ᠦᠪᠯᠠᠨ ᠵᠠᠯᠭᠠᠮᠵᠢᠯᠠᠭᠤᠯᠤᠭᠰᠠᠨ ᠠᠯᠳᠠᠨ ᠳᠦᠷᠦᠭᠡ
ᠳᠡᠭᠡᠳᠦᠰ ᠡᠴᠡ ᠥᠪᠯᠡᠭ᠍ᠰᠡᠨ ᠪᠣᠰᠤᠭ᠎ᠠ ᠭᠡᠢ᠌ᠮᠦᠷᠢ ᠳᠤ
ᠥᠭᠡᠳᠡᠯᠡᠨ ᠴᠡᠴᠡᠭᠯᠡᠭᠡ ᠭᠡᠢ᠌ᠮᠦᠷᠢ ᠶᠢᠨ ᠳᠠᠯᠠᠯᠭ᠎ᠠ
ᠳᠡᠯᠭᠡᠷ ᠮᠤᠩᠭ᠋ᠤᠯ ᠤᠨ ᠭᠦᠭᠡᠷᠦᠭᠦᠨ ᠦᠷᠡᠰ ᠢ
ᠭᠦᠮᠦᠵᠢᠭᠦᠯᠤᠨ ᠭᠠᠷᠭᠠᠭᠰᠠᠨ ᠰᠤᠶᠤᠯ ᠤᠨ ᠳᠦᠷᠦᠭᠡ
2009 . 12 . 23 ᠡᠷᠢᠶᠡᠨ ᠬᠤᠳᠠᠨ᠎ᠠ
ᠵᠤᠬᠢᠶᠠᠭᠴᠢ ᠶᠢᠨ ᠬᠠᠶᠢᠭ ᠄ ᠡᠷᠢᠶᠡᠨ ᠬᠤᠳᠠ ᠶᠢᠨ ᠮᠤᠩᠭ᠋ᠤᠯ ᠰᠤᠷᠭᠠᠭᠤᠯᠢ
ᠵᠤᠬᠢᠶᠠᠭᠴᠢ᠄ ᠲᠦᠪᠰᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠤᠷᠤᠭᠴᠢ ᠶᠢᠨ ᠳᠠᠪᠴᠠᠩᠳᠠᠷᠤᠮ᠄ 3935
ᠴᠠᠭ᠄ 2009 ᠤᠨ ᠤ 12 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ