ᠨᠡᠪᠲᠡᠷᠡᠨ ᠤᠷᠤᠬᠤ
ᠳᠠᠩᠰᠤᠭ ᠴᠢᠨᠠᠷ ᠵᠢᠰᠤ ᠪᠠᠨ ᠠᠯᠳᠠᠨ᠎ᠠ

ᠳᠢᠪ ᠳᠡᠯᠡᠭᠡᠢ ᠶᠢᠨ ᠠᠯᠳᠠᠨ ᠨᠠᠷᠠᠨ ᠡᠴᠡ ᠪᠦᠭ᠍ᠴᠢᠮ᠎ᠡ

ᠳᠡᠷᠡᠭᠡᠨ ᠵᠠᠭᠤᠷ᠎ᠠ ᠶᠢᠨ ᠳᠡᠭ᠍ᠳᠡᠵᠤ ᠭᠠᠷᠤᠭᠰᠠᠨ

ᠳᠡᠩᠳᠡᠭᠦᠤ ᠬᠠᠯᠠᠭᠤᠨ ᠰᠢᠳᠠᠮ᠎ᠠ ᠨᠠᠷᠠ

ᠳᠢᠭ᠍ᠯᠢᠮ ᠦᠭᠡᠶ ᠵᠥᠭ᠌ ᠶᠢᠡᠨ ᠠᠯᠳᠠᠵᠤ

ᠳᠡᠭ᠍ᠷᠢ ᠶᠢᠨ ᠣᠳᠤᠳ ᠢ ᠬᠠᠢ᠌ᠷ᠎ᠠ ᠦᠭᠡᠶ ᠰᠢᠷᠠᠨ᠎ᠠ

ᠳᠠᠯ᠎ᠠ ᠳᠠᠰᠢᠭᠤᠷᠳᠠᠭᠰᠠᠨ ᠮᠦᠨᠳᠤᠷ ᠰᠢᠭ᠌ ᠪᠠᠭᠤᠵᠤ

ᠳᠠᠷᠤᠤ ᠳᠡᠭ᠍ᠷᠢ ᠶᠢᠨ ᠵᠢᠷᠦᠭᠡ ᠶᠢ ᠬᠠᠭᠠᠷᠢᠵᠤ

ᠳᠠᠳᠠᠷᠠᠭ᠎ᠠ ᠪᠠᠷᠢᠭ᠎ᠠ ᠦᠭᠡᠶ ᠦᠶᠡᠷᠯᠠᠨ᠎ᠠ

ᠳᠠᠪᠳᠠᠷ ᠳᠠᠪᠳᠠᠷ ᠨᠤᠮ ᠡᠴᠡ ᠭᠤᠭᠤᠵᠢᠭᠰᠠᠨ

ᠳᠠᠮᠠᠢ ᠶᠠᠷᠢᠶᠠᠨ ᠤ ᠣᠷᠤᠰᠬᠠᠯ ᠭᠡᠭ᠍ᠰᠡᠭᠡᠷ

ᠳᠠᠪᠳᠤᠷ ᠶᠢᠡᠨ ᠠᠯᠳᠠᠵᠤ ᠳᠦᠭᠡᠷᠢᠭ᠍ᠰᠡᠨ ᠨᠢᠭᠡ ᠨᠢ

ᠳᠡᠯᠡᠭ᠍ᠰᠡᠨ ᠨᠤᠮᠤ ᠶᠢᠨ ᠰᠤᠮᠤᠨ ᠳᠤ ᠳᠠᠭᠠᠷᠢᠭᠳᠠᠨ᠎ᠠ

ᠳᠠᠷ᠎ᠠ ᠳᠤᠯᠤᠭᠠᠢ ᠬᠤᠯᠪᠣᠭ᠎ᠠ ᠨᠡᠢ᠌ᠯᠡᠭᠦ ᠥᠭᠡᠢ

ᠳᠠᠷ ᠶᠢᠡᠨ ᠪᠠᠷᠠᠵᠤ ᠵᠢᠳᠭᠦᠭ᠍ᠰᠡᠨ ᠨᠢᠭᠡ ᠨᠢ

ᠳᠠᠪᠬᠤᠷ ᠳᠠᠪᠬᠤᠷ ᠠᠭᠤᠯᠠᠨ ᠳᠤ ᠳᠠᠷᠤᠭᠳᠠᠵᠤ

ᠳᠠᠮᠠᠴᠠᠯ ᠵᠢᠷᠤᠭᠠᠯᠠᠭᠰᠠᠨ ᠬᠠᠤᠯᠢ ᠶᠢᠨ ᠬᠠᠳᠠᠪᠴᠢᠨ ᠳ᠋ᠤ

ᠳᠠᠮᠳᠤᠭ ᠪᠣᠯᠵᠤ ᠪᠠᠶ᠎ᠠ ᠪᠠᠨ ᠳᠤᠰᠢᠶᠠᠨ᠎ᠠ

ᠳᠡᠯᠡᠭᠡᠢ ᠬᠠᠷᠠᠭᠰᠠᠨ ᠰᠤᠳᠤᠨ ᠰᠤᠶᠤᠯ

ᠳᠠᠯᠠᠨ ᠴᠤᠬᠤᠷ ᠠᠮᠢᠰᠬᠤᠯ ᠳᠤ ᠬᠠᠢ᠌ᠯᠤᠨ᠎ᠠ

ᠳᠠᠯᠠᠪᠴᠢ ᠣᠷᠭᠤᠭᠰᠠᠨ ᠴᠡᠩᠭᠡᠷ ᠭᠦᠰᠡᠯ

ᠳᠠᠯᠳᠠ ᠳᠤᠭᠰᠢᠷᠠᠬᠤ ᠰᠠᠯᠭᠢᠨ ᠳᠤ ᠵᠠᠮᠬᠠᠷᠠᠨ᠎ᠠ

ᠳᠡᠩᠭᠡᠯᠢᠭ᠌ ᠱᠤᠭᠤᠮ ᠤᠨ ᠡᠷᠭᠡ ᠬᠠᠷᠠᠭᠰᠠᠨ

ᠳᠠᠷᠠᠰᠤᠨ ᠰᠢᠷᠡᠭᠡᠨ ᠤ ᠳᠤᠭᠤᠷᠢᠮ ᠣᠬᠠᠭᠠᠨ

ᠳᠡᠭᠡᠷ᠎ᠡ ᠵᠡᠷᠭᠡᠳᠡᠨ ᠳᠤ ᠳᠡᠷᠢᠭᠦᠨ ᠪᠦᠭᠦᠢ᠌ᠭ᠍ᠰᠡᠭᠡᠷ

ᠳᠡᠭ᠍ᠷᠢ ᠭᠠᠵᠠᠷ ᠤᠨ ᠵᠠᠪᠰᠠᠷ ᠲᠤ ᠠᠮᠢ ᠳᠠᠮᠠᠴᠠᠨ᠎ᠠ

ᠳᠡᠭ᠍ᠷᠢ ᠶᠢᠨ ᠵᠢᠮ᠎ᠠ ᠶᠢ ᠭᠠᠵᠠᠷ ᠰᠢᠷᠣᠢ᠌ᠳᠠᠭᠤᠯᠬᠤ ᠳ᠋ᠤ

ᠳᠡᠷᠭᠡᠯ ᠰᠠᠷᠠᠨ ᠵᠢᠰᠤ ᠪᠠᠨ ᠠᠯᠳᠠᠨ᠎ᠠ

ᠳᠡᠨᠢᠭᠡᠷ ᠬᠤᠷᠸ᠎ᠠ ᠳᠤ ᠦᠨᠡᠠᠴᠢ ᠬᠠᠨᠢᠰᠬᠤ ᠳ᠋ᠤ

ᠳᠠᠩᠰᠤᠭ ᠴᠢᠨᠠᠷ ᠪᠠᠯᠠᠷᠠᠵᠤ ᠡᠴᠢᠨ᠎ᠡ

ᠳᠡᠭ᠍ᠰᠢ ᠪᠣᠰᠤᠭ᠎ᠠ ᠨᠢ ᠬᠤᠭᠤᠷᠠᠵᠤ ᠣᠴᠢᠨ᠎ᠠ

ᠳᠠᠩᠬᠠᠢ ᠵᠠᠪᠰᠢᠭᠴᠢ ᠨᠢ ᠰᠤᠭᠤᠷᠠᠵᠤ ᠪᠣᠰᠤᠨ᠎ᠠ

ᠳᠠᠮᠤ ᠶᠢᠨ ᠣᠷᠤᠨ ᠡᠴᠡ ᠠᠪᠣᠷᠠᠭᠳᠠᠭᠰᠠᠨ ᠲᠦᠮᠡᠨ ᠨᠢ

ᠳᠡᠭ᠍ᠷᠢ ᠪᠣᠷᠬᠠᠨ ᠳᠠᠭᠠᠨ ᠳᠠᠭᠠᠳᠬᠠᠨ ᠵᠠᠯᠪᠠᠷᠢᠨ᠎ᠠ

ᠳᠠᠷᠬᠠᠨ ᠣᠷᠤᠨ ᠤ ᠵᠢᠷᠭᠠᠯ ᠮᠠᠨᠠᠭᠰᠠᠨ

ᠳᠠᠰᠤ ᠬᠠᠳᠠᠭᠤ ᠪᠣᠰᠤᠭ᠎ᠠ ᠵᠤᠷᠢᠭ ᠴᠢᠨᠢ

ᠳᠠᠩᠰᠤᠭ ᠠᠷᠠᠳ ᠤᠨ ᠵᠢᠷᠦᠭᠡᠨ ᠳᠤ ᠠᠮᠢᠯᠠᠨ᠎ᠠ

ᠳᠡᠦᠭᠡ ᠶᠢᠨ ᠴᠠᠳᠢᠭ ᠲᠤ ᠮᠥᠩᠭᠡ ᠵᠤᠷᠠᠢ᠌ᠨ᠎ᠠ᠃


             2013.8.26


ᠵᠤᠬᠢᠶᠠᠭᠴᠢ ᠶᠢᠨ ᠬᠠ‍‌ᠶᠢᠭ ᠄ ᠪᠠᠶᠠᠠᠨᠠᠭᠤᠷ ᠬᠤᠳᠠ ᠶᠢᠨ ᠰᠤᠷᠭᠠᠨ ᠭᠦᠮᠦᠵᠢᠯ ᠤᠨ ᠳᠤᠪᠴᠢᠶ᠎ᠠ

ᠵᠤᠬᠢᠶᠠᠭᠴᠢ᠄ ᠭᠦᠭ᠍ᠵᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 10543
ᠴᠠᠭ᠄ 2014 ᠤᠨ ᠤ 02 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ