ᠨᠡᠪᠲᠡᠷᠡᠨ ᠤᠷᠤᠬᠤ
ᠭᠡᠷᠭᠡᠢ

ᠭᠡᠷᠭᠡᠢ ᠭᠡᠵᠤ ᠭᠡᠷ ᠤᠨ ᠮᠢᠨᠢ ᠨᠠᠷᠠ

ᠭᠡᠨᠡᠨ ᠬᠤᠩᠭ᠋ᠤᠷ ᠦᠷ᠎ᠡ ᠶᠢᠨ ᠮᠢᠨᠢ ᠡᠭᠡ

ᠭᠡᠨᠡᠳᠡᠵᠤ ᠭᠤᠩᠳᠠᠬᠤ ᠳᠤ ᠳᠦᠰᠢᠭᠡᠳ ᠠᠪᠳᠠᠭ

ᠭᠡᠯᠭᠢᠶ᠎ᠡ ᠵᠢᠷᠤᠮ ᠤᠨ ᠠᠯᠳᠠᠨ ᠳᠤᠯᠭᠠᠭᠤᠷᠢ ︕

ᠡᠷ᠎ᠡ ᠭᠦᠮᠤᠨ ᠳᠠ ᠊᠊᠊᠊᠊᠊᠊᠊᠊᠊᠊᠊᠊᠊᠊ ᠡᠪ ᠦᠭᠡᠶ ᠭᠢᠰᠭᠢᠪᠢᠯ

ᠡᠯᠡᠩᠭᠡᠢ ᠴᠢᠯᠠᠭᠤᠨ ᠳᠤ ᠴᠤ ᠪᠦᠳᠦᠷᠢᠵᠤ ᠮᠠᠳᠠᠨ᠎ᠠ

ᠡᠳ᠋ᠯᠡᠵᠤ ᠭᠡᠷᠡᠭᠯᠡᠭᠦ ᠪᠠᠨ ᠭᠠᠮ ᠦᠭᠡᠶ ᠵᠠᠷᠤᠪᠠᠯ

ᠡᠵᠡᠭᠦᠢ ᠭᠡᠭᠡᠷ᠎ᠡ ᠶᠠᠪᠠᠭᠠᠷᠠᠵᠤ ᠴᠤ ᠮᠠᠳᠠᠨ᠎ᠠ

ᠡᠳ᠋ ᠮᠥᠩᠭᠦᠨ ᠳᠤ ᠭᠡᠳᠦᠷᠭᠡᠢ ᠰᠢᠨᠤᠪᠠᠯ

ᠡᠷᠭᠢᠮᠰᠦᠭ᠌ ᠨᠥᠭᠦᠤᠨ ᠶᠢᠡᠨ ᠭᠤᠮᠳᠠᠭᠠᠵᠤ ᠮᠠᠳᠠᠨ᠎ᠠ

ᠡᠷᠭᠡ ᠵᠡᠷᠭᠡ ᠶᠢ ᠭᠤᠤᠯᠴᠢ ᠦᠭᠡᠶ ᠭᠡᠷᠡᠭᠯᠡᠪᠠᠯ

ᠡᠰᠡᠷᠭᠦ ᠴᠤᠭᠢᠯᠳᠠ ᠣᠯᠵᠤ ᠴᠤ ᠮᠠᠳᠠᠨ᠎ᠠ᠁

ᠡᠰᠡᠭᠦᠯ᠎ᠡ ᠳᠠ ᠊᠊᠊᠊᠊᠊᠊᠊᠊᠊᠊᠊᠊᠊᠊ ᠭᠡᠵᠢᠶ᠎ᠡ ᠬᠠᠮᠢᠭ᠎ᠠ ᠴᠤ

ᠡ᠊ᠨᠳᠡᠭᠦᠤ ᠪᠣᠷᠤᠭᠤ ᠲᠡᠶ ᠶᠠᠪᠣᠵᠤ ᠮᠠᠳᠠᠨ᠎ᠠ

ᠡᠩᠬᠦᠷᠡᠢ ᠬᠠᠨᠢ ᠪᠠᠨ ᠭᠤᠮᠤᠳᠠᠭᠠᠵᠤ ᠣᠷᠭᠢᠭᠠᠤᠨ

ᠡᠴᠦᠰ ᠰᠡᠭᠦᠯ ᠳ᠋ᠤᠨᠢ ᠭᠡᠮᠰᠢᠵᠤ ᠴᠤ ᠮᠠᠳᠠᠨ᠎ᠠ ᠁

ᠡᠨᠡ ᠯᠠ ᠦᠶ᠎ᠡ ᠳᠤ ᠴᠢᠨᠢ ᠪᠦᠰᠡᠭᠦᠢ ᠭᠦᠮᠤᠨ

ᠡᠮᠵᠡᠭ᠍ᠭᠡᠨ ᠬᠠᠢ᠌ᠷ᠎ᠠ ᠪᠠᠨ ᠬᠠᠷᠠᠮ ᠦᠭᠡᠶ ᠶᠡᠭᠦᠯᠡᠵᠤ

ᠡᠷᠡᠰᠳᠡᠯ ᠳᠤ ᠣᠴᠠᠷᠠᠭᠰᠠᠨ ᠬᠠᠨᠢ ᠶᠢᠨ ᠶᠢᠡᠨ ᠲᠦᠯᠦᠭᠡ

ᠡᠭᠡᠯᠢᠰᠡᠭ᠌ ᠭᠠᠷ ᠶᠢᠡᠨ ᠰᠤᠩᠭ᠋ᠠᠳᠠᠭ ᠶᠤᠮ ᠰᠢᠤ  ︕


ᠵᠤᠬᠢᠶᠠᠭᠴᠢ ᠶᠢᠨ ᠬᠠ‍‌ᠶᠢᠭ᠄ ᠰᠢᠯᠢ ᠶᠢᠨ ᠭᠤᠤᠯ ᠠᠢ᠌ᠮᠠᠭ ᠤᠨ ᠪᠠᠷᠠᠭᠤᠨ ᠦᠵᠤᠮᠤᠴᠢᠨ ᠬᠤᠰᠢᠭᠤᠨ ᠤ ᠪᠠᠶᠠᠩᠬᠤᠧᠨ ᠪᠠᠯᠭᠠᠰᠤ ᠶᠢᠨ ᠪᠣᠷᠤᠬᠤᠰᠢᠭᠤ ᠭᠠᠴᠠᠭ᠎ᠠ

ᠵᠤᠬᠢᠶᠠᠭᠴᠢ᠄ ᠳᠤ᠋·ᠡᠷᠳᠡᠨᠢᠪᠢᠯᠢᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 24074
ᠴᠠᠭ᠄ 2014 ᠤᠨ ᠤ 07 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ