ᠨᠡᠪᠲᠡᠷᠡᠨ ᠤᠷᠤᠬᠤ
ᠨᠠᠰᠤᠨ ᠤ ᠨᠠᠮᠤᠷ ᠲᠠᠭᠠᠨ ᠡᠷᠭᠦᠭᠰᠡᠨ ᠨᠠᠨᠳᠢᠨ ᠪᠡᠯᠡᠭ
ᠰᠠᠷᠵᠢᠮ᠎ᠠ ᠶᠢᠨ 《ᠵᠠᠷᠤᠳ ᠮᠤᠩᠭ᠋ᠤᠯᠴᠤᠳ ᠤᠨ ᠣᠶᠤᠳᠠᠯ ᠣᠷᠠᠯᠠᠯ 》 ᠭᠡᠭᠦ ᠨᠤᠮ ᠢ ᠰᠤᠳᠤᠯᠤᠨ ᠶᠠᠷᠢᠯᠴᠠᠬᠤ ᠪᠠ ᠳᠠᠷᠬᠠᠭᠠᠬᠤ ᠶᠤᠰᠤᠯᠠᠯ ᠤᠨ ᠳᠠᠳᠠᠯᠠᠭ᠎ᠠ

2006 ᠣᠨ ᠤ ᠳᠡᠷᠢᠭᠦᠨ ᠰᠠᠷ᠎ᠠ ᠶᠢᠨ ᠬᠤᠷᠢᠳ ᠤᠨ ᠦᠯᠵᠡᠢ᠌ᠳᠤ ᠡᠳᠦᠷ᠂ ᠵᠠᠷᠤᠳ ᠬᠤᠰᠢᠭᠤᠨ ᠤ ᠰᠤᠶᠤᠯ ᠷᠠᠳᠢᠤ᠋ ᠳᠸᠯᠸᠢᠰ ᠳᠤᠪᠴᠢᠶ᠎ᠠ᠂ ᠣᠤᠠᠬ᠎ᠠ ᠣᠷᠠᠯᠢᠭ ᠤᠨ ᠭᠢᠨ ᠤ ᠬᠤᠯᠪᠣᠭ᠎ᠠ᠂ ᠦᠨᠳᠦᠰᠦᠳᠠᠨ ᠤ ᠭᠡᠷᠡᠭ᠌ ᠡᠷᠭᠢᠯᠡᠭᠦ ᠳᠤᠪᠴᠢᠶ᠎ᠠ ᠵᠡᠷᠭᠡ ᠭᠤᠷᠪᠠᠨ ᠨᠢᠭᠡᠴᠡ ᠬᠠᠮᠳᠤᠷᠠᠨ 《ᠵᠠᠷᠤᠳ ᠮᠤᠩᠭ᠋ᠤᠯᠴᠤᠳ ᠤᠨ ᠣᠶᠤᠳᠠᠯ ᠣᠷᠠᠯᠠᠯ》 ᠭᠡᠮᠡᠭᠦ ᠨᠤᠮ ᠭᠡᠪᠯᠡᠭ᠍ᠳᠡᠭ᠍ᠰᠡᠨ ᠢ ᠪᠠᠯᠭᠡᠯᠡᠭᠦ ᠰᠤᠳᠤᠯᠤᠨ ᠶᠠᠷᠢᠯᠴᠠᠬᠤ ᠪᠠ ᠳᠠᠷᠬᠠᠭᠠᠬᠤ ᠶᠤᠰᠤᠯᠠᠯ ᠢ ᠯᠦᠪᠧᠢ ᠪᠠᠯᠭᠠᠰᠤ ᠳᠤ ᠡᠷᠭᠢᠯᠡᠭ᠍ᠰᠡᠨ ᠪᠠᠢ᠌ᠨ᠎ᠠ᠃ ᠶᠤᠰᠤᠯᠠᠯ ᠳᠤ᠂ ᠬᠤᠰᠢᠭᠤ ᠨᠠᠮ ᠵᠠᠰᠠᠭ ᠠᠯᠪᠠᠨ ᠪᠠᠢ᠌ᠭᠤᠯᠤᠯᠭ᠎ᠠ ᠶᠢᠨ ᠭᠡᠰᠡᠭ᠌ ᠣᠳᠤᠷᠢᠳᠤᠯᠭ᠎ᠠ᠂ ᠠᠵᠢᠯ ᠡᠴᠡ ᠪᠠᠨ ᠠᠮᠠᠷᠠᠭᠰᠠᠨ ᠠᠬᠠᠮᠠᠤᠨ ᠺᠠᠳ᠋ᠷ ᠵᠢᠴᠢ ᠠᠵᠢᠯ ᠠᠯᠪᠠ ᠪᠠᠷ ᠬᠤᠰᠢᠭᠤᠨ ᠲᠦᠪ ᠲᠤ ᠢᠷᠡᠭᠡᠤᠨ ᠪᠠᠢ᠌ᠭᠰᠠᠨ ᠪᠦᠭᠦ ᠬᠤᠰᠢᠭᠤᠨ ᠤ ᠮᠤᠩᠭ᠋ᠤᠯ ᠰᠤᠮᠤ ᠪᠠᠯᠭᠠᠰᠤ ᠶᠢᠨ ᠣᠳᠤᠷᠢᠳᠤᠯᠭ᠎ᠠ ᠨᠡᠷ ᠴᠢᠮᠡᠭᠡ ᠣᠯᠤᠨ ᠭᠦᠷᠦᠯᠴᠡᠨ ᠢᠷᠡᠵᠡᠭᠡᠵᠤ᠂ ᠡᠪᠦᠭᠡ ᠳᠡᠭᠡᠳᠦᠰ᠂ ᠦᠪᠡᠷ ᠤᠨ ᠪᠠᠶ᠎ᠠ᠂ ᠦᠷ᠎ᠡ ᠬᠣᠢ᠌ᠴᠢᠰ ᠤᠨ ᠶᠢᠡᠨ ᠡᠳ᠋ᠯᠡᠵᠤ ᠭᠡᠷᠡᠭᠯᠡᠵᠤ ᠪᠠᠢ᠌ᠭ᠎ᠠ ᠬᠤᠪᠴᠠᠰᠤ ᠵᠠᠰᠠᠯ ᠤᠨ ᠣᠷ᠎ᠠ ᠮᠡᠷᠭᠡᠰᠢᠯ ᠨᠢ ᠨᠤᠮ ᠳᠡᠮᠳᠡᠭᠯᠡᠯ ᠤᠨ ᠭᠡᠯᠪᠠᠷᠢ ᠪᠠᠷ ᠳᠡᠯᠡᠭᠡᠢ ᠲᠡᠶ ᠵᠤᠯᠭᠠᠵᠤ᠂ ᠳᠡᠯᠭᠡᠷᠡᠨ ᠣᠯᠠᠮᠵᠢᠯᠠᠭᠳᠠᠬᠤ ᠪᠣᠯᠤᠭᠰᠠᠨ ᠳᠠᠯᠠᠢ ᠶᠡᠭᠡ ᠪᠠᠶᠠᠷ ᠲᠤ ᠣᠷᠤᠯᠴᠠᠵᠤ᠂ ᠡᠷᠳᠡᠮᠳᠡᠨ ᠮᠡᠷᠭᠡᠤᠨ ᠤᠨ ᠦᠨᠡᠯᠠᠨ ᠵᠠᠳᠠᠯᠵᠤ᠂ ᠣᠴᠢᠷᠯᠠᠨ ᠳᠤᠭᠠᠴᠢᠬᠤ ᠶᠢ ᠴᠢᠭᠢ ᠪᠠᠷ ᠶᠢᠡᠨ ᠰᠤᠨᠤᠰᠤᠨ᠂ ᠣᠷᠠᠯᠠᠯ ᠣᠶᠤᠳᠠᠯ ᠤᠨ ᠤᠯᠠᠨ ᠭᠡᠯᠪᠠᠷᠢ ᠶᠢ ᠨᠢᠳᠤ ᠪᠠᠷ ᠶᠢᠡᠨ ᠥᠵᠡᠵᠡᠭᠡᠯ᠎ᠡ᠃

《ᠵᠠᠷᠤᠳ ᠮᠤᠩᠭ᠋ᠤᠯᠴᠤᠳ ᠤᠨ ᠣᠶᠤᠳᠠᠯ ᠣᠷᠠᠯᠠᠯ》 ᠭᠡᠮᠡᠭᠦ ᠮᠤᠩᠭ᠋ᠤᠯ ᠰᠤᠶᠤᠯ ᠤᠨ ᠭᠡᠷᠡᠯᠳᠤ ᠰᠤᠠᠳᠤᠷ ᠢ ᠵᠢᠷᠠᠨ ᠨᠠᠰᠤ ᠶᠢ ᠳᠠᠪᠠᠭᠰᠠᠨ᠂ ᠠᠵᠢᠯ ᠡᠴᠡ ᠪᠠᠨ ᠠᠮᠠᠷᠠᠭᠰᠠᠨ ᠡᠮᠡᠭ᠍ᠳᠡᠢ ᠣᠷᠠᠯᠠᠭᠴᠢ᠂ ᠨᠠᠢ᠌ᠷᠠᠭᠴᠢ ᠰᠠᠷᠵᠢᠮ᠎ᠠ ᠨᠥᠭᠦᠷ ᠣᠯᠠᠨ ᠵᠢᠯ ᠣᠴᠢᠷᠯᠠᠨ ᠰᠠᠤᠠᠭᠢᠵᠤ ᠣᠷᠠᠯᠠᠨ ᠪᠣᠯᠪᠠᠰᠤᠷᠠᠭᠤᠯᠵᠤ᠂ ᠣᠢ᠌ᠯᠠ ᠳᠠᠮᠤ ᠪᠠᠨ ᠪᠠᠷᠠᠨ ᠦᠷᠦᠴᠠᠨ ᠤ ᠴᠢᠰᠤ ᠣᠬᠠᠭᠠᠨ ᠳᠠᠮᠢᠷ ᠶᠢᠡᠷ ᠶᠢᠡᠨ ᠨᠠᠢ᠌ᠷᠠᠨ ᠭᠡᠯᠭᠢᠭ᠍ᠰᠡᠨ ᠶᠤᠮ ᠡ᠃ ᠰᠠᠷᠵᠢᠮ᠎ᠠ ᠪᠣᠯ ᠵᠠᠷᠤᠳ ᠬᠤᠰᠢᠭᠤᠨ ᠤ ᠴᠢᠪᠠᠭᠠᠳᠤ ᠰᠤᠮᠤ ᠶᠢᠨ ᠳᠤᠮᠳᠠ ᠣᠭᠠᠯᠵᠠ ᠭᠠᠴᠠᠭ᠎ᠠ ᠶᠢᠨ ᠪᠣᠷᠵᠢᠭᠢᠨ ᠶ‍ᠸᠰᠢᠨᠢᠮᠠ᠂ ᠰᠸᠴᠢᠭ᠍ᠮ᠎ᠠ ᠶᠢᠨ ᠭᠤᠷᠪᠠᠳᠤᠭᠠᠷ ᠭᠡᠦᠭᠡᠨ ᠨᠢ ᠶᠤᠮ᠃ ᠡᠷᠳᠡᠮ ᠰᠤᠶᠤᠯ ᠳᠤ ᠳᠤᠷ᠎ᠠ ᠪᠠᠬᠠᠳᠠᠢ ᠳᠠᠷᠠ ᠶ‍ᠢᠰᠤᠨ ᠨᠠᠰᠤᠨ ᠳᠠᠭᠠᠨ ᠠᠷᠠᠤᠨ ᠤ ᠰᠤᠷᠭᠠᠭᠤᠯᠢ ᠶᠢᠨ ᠠᠯᠳᠠᠨ ᠪᠣᠱᠤᠭ᠎ᠠ ᠶᠢ ᠠᠯᠬᠤᠵᠤ᠂ ᠠᠴᠢᠳᠤ ᠪᠠᠭᠰᠢ ᠡᠴᠡ ᠪᠠᠨ ᠠᠷᠢᠭᠤᠨ ᠳᠠᠷᠬᠠᠨ ᠮᠤᠩᠭ᠋ᠤᠯ ᠪᠢᠴᠢᠭ᠌ ᠤᠨ ᠰᠢᠮ᠎ᠠ ᠶᠢ ᠭᠦᠭᠦᠭ᠍ᠰᠡᠨ ᠶᠤᠮ᠃ ᠭᠡᠪᠠᠴᠤ ᠠᠷᠪᠠᠨ ᠳᠤᠯᠤᠭᠠᠨ ᠨᠠᠰᠤᠨ ᠳᠠᠭᠠᠨ ᠠᠷᠬᠠᠬ᠎ ᠡᠪᠠᠦᠡᠴᠢᠨ ᠳᠤ ᠨᠠᠢ᠌ᠷ ᠦᠭᠡᠶ ᠨᠡᠷᠪᠠᠭ᠍ᠳᠡᠵᠤ᠂ ᠦᠨᠳᠦᠷ ᠳᠤᠮᠳᠠᠳᠤ ᠶᠢᠨ ᠣᠬᠠᠭᠠᠨ ᠭᠦᠶ‍ᠦᠭ᠍ᠰᠡᠨ ᠰᠠᠢ᠌ᠬᠠᠨ ᠴᠠᠭ ᠲᠠᠭᠠᠨ ᠠᠮᠢᠨ ᠬᠠᠢ᠌ᠷᠠᠳᠠᠢ ᠰᠤᠷᠤᠯᠭ᠎ᠠ ᠶᠢᠨ ᠵᠢᠯᠤᠭᠤ ᠪᠠᠨ ᠠᠯᠳᠠᠭᠰᠠᠨ ᠪᠢᠯᠠ᠃ ᠭᠡᠶ᠎ᠡ ᠰᠤᠷᠬᠤ ᠶᠢ ᠪᠠᠬᠠᠳᠤᠨ ᠰᠤᠶᠤᠯ ᠢ ᠪᠢᠰᠢᠷᠡᠳᠡᠭ᠌ ᠳᠠᠷᠠ ᠰᠤᠷᠤᠯᠴᠠᠬᠤ ᠲᠤᠬᠢᠶᠠᠯ ᠶᠢᠡᠨ ᠠᠯᠳᠠᠭᠰᠠᠨ ᠴᠤ ᠰᠤᠷᠬᠤ ᠵᠤᠷᠢᠭ ᠶᠢᠡᠨ ᠠᠯᠳᠠᠯ ᠦᠭᠡᠶ ᠴᠢᠷᠮᠠᠢ᠌ᠭᠰᠠᠨ ᠡᠴᠡ 1964 ᠣᠨ ᠳᠤ ᠠᠵᠠ ᠳᠠᠭᠠᠷᠠᠵᠤ ᠠᠵᠢᠯ ᠠᠯᠪᠠ ᠳᠤ ᠨᠠᠷ᠎ᠠ ᠮᠡᠳᠡᠭᠦᠯᠤᠨ᠂ ᠣᠯᠤᠰ ᠭᠡᠷ ᠣᠯᠠᠨ ᠨᠠᠢ᠌ᠳᠠ ᠳᠡᠭᠡᠨ ᠥᠢᠯᠡᠴᠢᠯᠡᠭᠦ ᠵᠠᠮ ᠢ ᠡᠯᠭᠦᠵᠤ ᠰᠤᠷᠤᠭᠰᠠᠨ ᠶᠢᠡᠨ ᠪᠠᠳᠤᠤᠠᠬᠠᠬᠤ ᠪᠠᠳᠠᠷᠠᠭᠤᠯᠬᠤ ᠰᠠᠢ᠌ᠬᠠᠨ ᠲᠤᠬᠢᠶᠠᠯ ᠲᠡᠶ ᠪᠣᠯᠵᠠᠢ᠃ 1973 ᠣᠨ ᠡᠴᠡ ᠡᠭᠢᠯᠡᠵᠤ ᠴᠢᠪᠠᠭᠠᠳᠤ ᠰᠤᠮᠤ ᠶᠢᠨ ᠨᠠᠷᠢᠨ ᠪᠠᠭ᠎ᠠ ᠰᠤᠷᠭᠠᠭᠤᠯᠢ ᠳᠤ ᠭᠦᠳᠡᠭᠡ ᠶᠢᠨ ᠭᠡᠦᠭᠡᠤᠨ ᠢ ᠭᠦᠮᠦᠵᠢᠭᠦᠯᠭᠦ ᠭᠦᠡᠳᠦᠳᠡᠢ ᠪᠦᠭᠡᠤᠨ ᠭᠦᠴᠢᠷᠳᠡᠢ ᠠᠵᠢᠯ ᠳᠤ ᠵᠢᠦᠡᠭᠦᠵᠤ ᠪᠠᠢ᠌ᠭᠰᠠᠨ ᠶᠢᠡᠨ 1988 ᠣᠨ ᠳᠤ ᠬᠤᠰᠢᠭᠤᠨ ᠤ ᠨᠢᠭᠡᠳᠦᠮᠡᠯ ᠹᠷᠤᠠᠲ᠋ ᠤᠨ ᠭᠡᠯᠳᠡᠰ ᠲᠤ ᠠᠵᠢᠯ ᠰᠢᠯᠵᠢᠭ᠍ᠰᠡᠨ ᠪᠠᠢ᠌ᠨ᠎ᠠ᠃ ᠡ᠊ᠨᠳᠡ ᠠᠵᠢᠯ ᠠᠯᠪᠠ ᠭᠡᠮᠡᠨ ᠠᠷᠪᠠᠨ ᠵᠢᠯ ᠢ ᠨᠢᠭᠡ ᠡᠳᠦᠷ ᠮᠠᠳᠤ ᠡᠯᠡᠭᠡᠵᠤ᠂ 1999 ᠣᠨ ᠳᠤ ᠠᠵᠢᠯ ᠡᠴᠡ ᠪᠠᠨ ᠠᠮᠠᠷᠠᠭᠠᠤᠨ ᠦᠪᠡᠷ ᠤᠨ ᠭᠢᠭᠦ ᠶᠠᠭᠤᠮ᠎ᠠ ᠪᠠᠨ ᠣᠷᠤᠯᠳᠤᠬᠤ ᠴᠠᠭ ᠲᠡᠶ ᠪᠣᠯᠵᠤ᠂ ᠶ‍ᠢᠰᠤᠨ ᠨᠠᠰᠤᠨ ᠡᠴᠡ ᠪᠠᠨ ᠣᠬᠠᠭᠠᠨ ᠳᠤᠩᠭ᠋ᠠᠯᠠᠭ᠂ ᠣᠷᠠᠨ ᠭᠠᠷ ᠲᠡᠶ ᠡᠵᠢ ᠡᠴᠡ ᠪᠠᠨ ᠰᠤᠷᠤᠭᠰᠠᠨ ᠮᠤᠩᠭ᠋ᠤᠯ ᠣᠶᠤᠳᠠᠯ ᠣᠷᠠᠯᠠᠯ ᠤᠨ ᠠᠷᠭ᠎ᠠ ᠮᠡᠷᠭᠡᠰᠢᠯ᠂ ᠭᠡᠯᠪᠠᠷᠢ ᠶᠠᠩᠵᠤ᠂ ᠲᠦᠷᠦᠯ ᠵᠣᠢ᠌ᠯ ᠢ ᠡᠮᠭᠢᠦᠡᠭᠡᠨ᠂ ᠦᠪᠡᠷ ᠤ ᠣᠶᠤᠵᠤ ᠴᠢᠳᠠᠳᠠᠭ ᠣᠶᠤᠳᠠᠯ ᠤᠨ ᠶᠢᠡᠨ ᠣᠶᠤᠬᠤ ᠠᠷᠭ᠎ᠠ ᠶᠢ ᠨᠢ ᠥᠰᠦᠭ᠌ ᠪᠢᠴᠢᠭ᠌ ᠶᠢᠡᠷ ᠨᠢᠭᠡ ᠵᠡᠭᠦᠤ ᠨᠢᠭᠡ ᠣᠳᠠᠰᠤ ᠪᠠᠷ ᠣᠢ᠌ᠯᠠᠭᠠᠮᠵᠢᠳᠠᠢ ᠳᠠᠢ᠌ᠯᠪᠣᠷᠢᠯᠠᠨ ᠳᠡᠮᠳᠡᠭᠯᠡᠭ᠍ᠰᠡᠨ ᠶᠢᠡᠷ ᠦᠯᠦ ᠪᠠᠷᠠᠨ ᠪᠠᠰᠠ ᠠᠷᠠᠤᠨ ᠤᠨ ᠳᠤᠮᠳᠠ ᠪᠠᠢ᠌ᠭ᠎ᠠ ᠮᠠᠰᠢ ᠣᠯᠠᠨ ᠣᠷᠠᠨ ᠣᠶᠤᠳᠠᠯᠴᠢᠨ ᠪᠠ ᠣᠶᠤᠳᠠᠯ ᠤᠨ ᠦᠪᠡᠷᠮᠢᠴᠠ ᠭᠡᠪ ᠮᠠᠶ‍ᠢᠭ ᠢ ᠰᠤᠷᠪᠣᠯᠵᠢᠯᠠᠨ ᠡᠮᠭᠢᠦᠡᠭᠡᠭᠦ ᠠᠵᠢᠯ ᠢ ᠭᠢᠭ᠍ᠰᠡᠨ ᠪᠠᠢ᠌ᠨ᠎ᠠ᠃ ᠳᠡᠭᠦᠨ ᠤ ᠴᠤᠴᠠᠯᠳᠠ ᠦᠭᠡᠶ ᠴᠢᠷᠮᠠᠢ᠌ᠯᠭ᠎ᠠ ᠭᠢᠭᠡᠤᠨ ᠬᠠᠮᠢᠶ᠎ᠠ ᠪᠦᠭᠦᠢ ᠨᠢᠭᠡᠴᠡ ᠶᠢᠨ ᠬᠠᠯᠠᠭᠤᠨ ᠳᠡᠮᠵᠢᠯᠭᠡ ᠳᠤᠤᠷ᠎ᠠ ᠡᠨᠡᠭᠦ 《ᠵᠠᠷᠤᠳ ᠮᠤᠩᠭ᠋ᠤᠯᠴᠤᠳ ᠤᠨ ᠣᠶᠤᠳᠠᠯ ᠣᠷᠠᠯᠠᠯ 》 ᠭᠡᠭᠦ ᠨᠤᠮ 2006 ᠣᠨ ᠤ ᠡᠭᠢ ᠳᠤ ᠠᠮᠵᠢᠯᠳᠠᠳᠠᠢ ᠭᠡᠪᠯᠡᠭ᠍ᠳᠡᠵᠤ ᠣᠯᠠᠨ ᠤ ᠠᠯᠠᠭᠠᠨ ᠳᠤ ᠭᠢᠯᠠᠯᠵᠠᠨ ᠳᠡᠯᠭᠡᠭ᠍ᠳᠡᠭ᠍ᠰᠡᠨ ᠪᠠᠢ᠌ᠨ᠎ᠠ᠃

《ᠵᠠᠷᠤᠳ ᠮᠤᠩᠭ᠋ᠤᠯᠴᠤᠳ ᠤᠨ ᠣᠶᠤᠳᠠᠯ ᠣᠷᠠᠯᠠᠯ 》 ᠭᠡᠭᠦ ᠨᠤᠮ ᠳᠠᠭᠠᠨ ᠰᠠᠷᠵᠢᠮ᠎ᠠ ᠨᠥᠭᠦᠷ ᠮᠤᠩᠭ᠋ᠤᠯ ᠣᠶᠤᠳᠠᠯ ᠪᠠ ᠭᠡ ᠣᠭᠠᠯᠵᠠ ᠭᠡᠰᠡᠨ ᠬᠤᠶᠠᠷ ᠶᠡᠭᠡ ᠪᠦᠯᠦᠭ᠌ ᠬᠤᠪᠢᠶᠠᠨ ᠳᠡᠮᠳᠡᠭᠯᠡᠨ ᠳᠠᠢ᠌ᠯᠪᠣᠷᠢᠯᠠᠵᠤ᠂ ᠵᠠᠷᠤᠳ ᠮᠤᠩᠭ᠋ᠤᠯᠴᠤᠳ ᠤᠨ ᠬᠤᠪᠴᠠᠰᠤ ᠵᠠᠰᠠᠯ᠂ ᠡᠳ᠋ᠯᠡᠯ ᠭᠡᠷᠡᠭ᠍ᠰᠡᠯ᠂ ᠭᠡᠷ ᠥᠷᠦᠭᠡ ᠪᠠᠨ ᠴᠢᠮᠠᠨ ᠵᠠᠰᠠᠬᠤ ᠣᠯᠠᠨ ᠵᠣᠢ᠌ᠯ ᠤᠨ ᠣᠶᠤᠳᠠᠯ ᠣᠷᠠᠯᠠᠯ ᠤᠨ ᠣᠷᠠᠯᠠᠵᠤ ᠣᠶᠤᠬᠤ ᠠᠷᠭ᠎ᠠ ᠶᠢ ᠭᠤᠴᠢᠨ ᠭᠤᠷᠪᠠᠨ ᠲᠦᠷᠦᠯ ᠬᠤᠪᠢᠶᠠᠨ ᠳᠠᠨᠢᠯᠴᠠᠭᠤᠯᠵᠤ᠂ ᠣᠶᠤᠳᠠᠯ ᠣᠷᠠᠯᠠᠯ ᠤᠨ ᠭᠤᠷᠪᠠᠨ ᠵᠠᠭᠤ ᠭᠠᠷᠤᠢ ᠭᠡ ᠣᠭᠠᠯᠵᠠ ᠥᠯᠢᠭᠡᠷ ᠵᠢᠷᠤᠭ ᠤᠳ ᠢ ᠣᠷᠤᠭᠤᠯᠤᠭᠰᠠᠨ ᠪᠦᠭᠡᠤᠨ ᠣᠶᠤᠳᠠᠯ ᠣᠷᠠᠯᠠᠯ ᠤᠨ ᠳᠠᠪᠢ ᠰᠢᠬᠠᠮ ᠬᠤᠪᠢ ᠭᠡᠷᠡᠯ ᠵᠢᠷᠤᠭ ᠢ ᠬᠠᠪᠰᠤᠷᠭᠠᠭᠰᠠᠨ ᠨᠢ ᠵᠠᠷᠤᠳ ᠮᠤᠩᠭ᠋ᠤᠯ ᠪᠦᠰᠡᠭᠦᠢᠴᠦᠳ ᠤᠨ ᠣᠷᠠᠨ ᠭᠠᠷ ᠣᠬᠠᠭᠠᠨ ᠪᠢᠯᠢᠭ᠌ ᠢ ᠭᠦᠢᠴᠡᠳ ᠢᠯᠡᠷᠡᠭᠦᠯᠵᠤ᠂ ᠵᠠᠷᠤᠳ ᠮᠤᠩᠭ᠋ᠤᠯᠴᠤᠳ ᠤᠨ ᠣᠢ᠌ᠯᠠ ᠣᠶᠤᠳᠠᠯ ᠪᠣᠯᠤᠨ ᠣᠷᠠᠯᠠᠯ ᠤᠨ ᠣᠯᠠᠮᠵᠢᠯᠠᠯᠳᠤ ᠭᠡᠪ ᠨᠠᠮᠪᠠ ᠶᠢ ᠪᠦᠷᠢᠨ ᠳᠠᠨᠢᠯᠴᠠᠭᠤᠯᠵᠤ ᠴᠢᠳᠠᠭᠰᠠᠨ ᠶᠢᠡᠷ ᠪᠠᠷᠠᠬᠤ ᠦᠭᠡᠶ ᠣᠩᠰᠢᠭᠴᠢᠳ ᠤᠨ ᠬᠠᠷᠠᠭᠠᠨ ᠳᠤ ᠣᠶᠤᠳᠠᠯ ᠣᠷᠠᠯᠠᠯ ᠤᠨ ᠰᠤᠳᠤᠨ ᠭᠠᠢ᠌ᠬᠠᠮᠰᠢᠭ ᠢ ᠳᠠᠭᠢᠨ ᠠᠮᠢᠯᠠᠭᠤᠯᠤᠨ ᠳᠡᠯᠭᠡᠭ᠍ᠰᠡᠨ ᠭᠤᠸ᠎ᠠ ᠰᠠᠢ᠌ᠬᠠᠨ ᠤ ᠭᠦᠷᠳᠡᠭᠡᠮᠵᠢ ᠪᠣᠯᠤᠨ᠎ᠠ᠃

ᠭᠤᠸ᠎ᠠ ᠰᠠᠢ᠌ᠬᠠᠨ ᠭᠡᠭ᠍ᠴᠢ ᠠᠮᠢᠳᠤᠷᠠᠯ ᠡᠴᠡ ᠢᠷᠡᠳᠡᠭ᠌ ᠣᠴᠢᠷ ᠲᠡᠶ᠃ ᠣᠶᠤᠳᠠᠯ ᠣᠷᠠᠯᠠᠯ ᠤᠨ ᠭᠤᠸ᠎ᠠ ᠰᠠᠢ᠌ᠬᠠᠨ ᠨᠢ ᠴᠤ ᠦᠢ᠌ ᠲᠦᠮᠡᠨ ᠮᠤᠩᠭ᠋ᠤᠯᠴᠤᠳ ᠤᠨ ᠤᠷᠲᠤ ᠣᠳᠠᠭᠠᠨ ᠠᠮᠢᠳᠤᠷᠠᠯ ᠠᠬᠤᠢ ᠣᠷᠠᠨ ᠰᠠᠨᠠᠭ᠎ᠠ ᠡᠴᠡ ᠭᠦᠷᠦᠩᠭᠡᠵᠢᠨ ᠢᠳᠡᠭᠡᠰᠢᠭ᠍ᠰᠡᠨ ᠪᠦᠳᠦᠭᠡᠭ᠍ᠳᠡᠭᠦᠨ ᠪᠠᠢ᠌ᠭ᠎ᠠ᠃ ᠡᠭᠡ ᠪᠠᠢ᠌ᠭᠠᠯᠢ᠂ ᠭᠦᠮᠤᠨ ᠵᠤᠨ ᠳᠠᠭᠠᠨ ᠭᠢᠵᠠᠭᠠᠯᠠᠰᠢ ᠦᠭᠡᠶ ᠬᠠᠢ᠌ᠷ᠎ᠠ ᠲᠡᠶ ᠵᠠᠷᠤᠳ ᠮᠤᠩᠭ᠋ᠤᠯᠴᠤᠳ ᠭᠤᠸ᠎ᠠ ᠰᠠᠢ᠌ᠬᠠᠨ ᠢ ᠰᠢᠳᠤᠨ ᠪᠠᠬᠠᠷᠬᠠᠬᠤ ᠶᠢᠨ ᠡᠷᠭᠡᠨ᠎ᠡ ᠡᠷᠳᠡ ᠳᠡᠦᠭᠡᠨ ᠡᠴᠡ ᠠᠪᠣᠭᠠᠤᠨ ᠦᠪᠡᠷ ᠤᠨ ᠣᠶᠤᠨ ᠣᠬᠠᠭᠠᠨ ᠣᠷᠠᠨ ᠭᠠᠷ ᠶᠢᠡᠷ ᠶᠢᠡᠨ ᠠᠵᠤ ᠠᠮᠢᠳᠤᠷᠠᠯ ᠶᠢᠡᠨ ᠭᠤᠶᠤᠯᠠᠨ ᠴᠢᠮᠡᠭᠦ ᠳᠡᠭᠡᠨ ᠡᠴᠢᠨ᠎ᠡ ᠭᠠᠢ᠌ᠬᠠᠮᠰᠢᠭ ᠣᠶᠤᠳᠠᠯ ᠣᠷᠠᠯᠠᠯ ᠳᠠᠭᠠᠨ ᠦᠪᠡᠷ ᠤᠨ ᠭᠦᠨ ᠵᠤᠵᠠᠭᠠᠨ ᠬᠠᠢ᠌ᠷ᠎ᠠ ᠰᠡᠳᠬᠢᠯᠭᠡ ᠪᠠᠨ ᠨᠡᠪᠴᠢᠭᠦᠯᠤᠨ ᠰᠢᠩᠭᠡᠭᠡᠵᠤ᠂ ᠠᠮᠢᠳᠤᠷᠠᠯ ᠠᠬᠤᠢ ᠪᠠᠨ ᠥᠩᠭᠡ ᠪᠣᠳᠤᠭ ᠪᠢᠯᠬᠠᠮ᠎ᠠ᠂ ᠣᠷᠠᠯᠢᠭ ᠤᠨ ᠦᠨᠦᠷ ᠠᠮᠳᠠ ᠠᠩᠭᠢᠯᠤᠮ᠎ᠠ ᠪᠣᠯᠭᠠᠳᠠᠭ ᠪᠠᠢ᠌ᠭᠰᠠᠨ᠃ ᠵᠠᠷᠤᠳ ᠮᠤᠩᠭ᠋ᠤᠯᠴᠤᠳ ᠮᠢᠨᠢ ᠡᠭᠡ ᠨᠤᠳᠤᠭ ᠤᠨ ᠶᠢᠡᠨ ᠠᠭᠤᠯᠠ ᠣᠰᠤ᠂ ᠡᠪᠠᠰᠤ ᠨᠠᠪᠴᠢ᠂ ᠠᠷᠢᠶᠠᠳᠠᠨ ᠠᠮᠢᠳᠠᠨ᠂ ᠨᠠᠷᠠᠨ ᠰᠠᠷᠠᠨ᠂ ᠡᠭᠦᠯᠡ ᠮᠠᠨᠠᠨ ᠵᠢᠴᠢ ᠳᠠᠪᠤᠨ ᠬᠤᠰᠢᠭᠤ ᠮᠠᠯ ᠰᠥᠷᠦᠭ᠌ ᠶᠢᠡᠨ ᠭᠦᠷᠳᠡᠯ᠎ᠡ ᠣᠷᠠᠯᠠᠨ ᠰᠠᠤᠠᠭᠢᠵᠤ ᠠᠮᠢᠯᠠᠭᠤᠯᠤᠨ ᠵᠢᠷᠤᠭᠠᠤᠨ ᠣᠢ᠌ᠯᠠ ᠣᠶᠤᠳᠠᠯ ᠶᠢᠡᠷ ᠶᠢᠡᠨ ᠡᠳ᠋ᠯᠡᠯ ᠭᠡᠷᠡᠭ᠍ᠰᠡᠯ ᠳᠡᠭᠡᠨ ᠣᠷᠠᠯᠠᠭᠠᠤᠨ᠂ ᠠᠮᠢᠳᠤᠷᠠᠯ ᠶᠢᠡᠨ ᠡᠭᠡ ᠪᠠᠶᠠᠯᠢᠭ ᠲᠤ ᠠᠭᠤᠰᠬᠠᠨ᠂ ᠡᠭᠡ ᠪᠠᠢ᠌ᠭᠠᠯᠢ ᠪᠠᠨ ᠠᠮᠢᠳᠤᠷᠠᠯ ᠳᠠᠭᠠᠨ ᠰᠢᠩᠭᠡᠭᠡᠵᠤ᠂ ᠠᠮᠢᠳᠤᠷᠠᠯ ᠪᠠ ᠪᠠᠢ᠌ᠭᠠᠯᠢ ᠬᠤᠶᠠᠷ ᠤᠨ ᠠᠭᠤᠰᠤᠯᠳᠤᠯ᠂ ᠤᠷᠠᠨ ᠰᠡᠳᠭᠢᠮᠵᠢ ᠪᠣᠯᠤᠨ ᠣᠷᠠᠨ ᠣᠢ᠌ᠯᠠ ᠶᠢᠨ ᠨᠢᠭᠡᠳᠦᠯᠴᠡᠯ ᠤᠨ ᠰᠠᠯᠵᠤ ᠪᠣᠯᠤᠰᠢ ᠦᠭᠡᠶ ᠬᠠᠷᠢᠴᠠᠭ᠎ᠠ ᠬᠤᠯᠪᠣᠭ᠎ᠠ ᠶᠢ ᠢᠯᠡᠳᠭᠡᠳᠡᠭ᠌ ᠪᠠᠢ᠌ᠵᠠᠢ᠃ 《ᠵᠠᠷᠤᠳ ᠮᠤᠩᠭ᠋ᠤᠯᠴᠤᠳ ᠤᠨ ᠣᠶᠤᠳᠠᠯ ᠣᠷᠠᠯᠠᠯ》 ᠭᠡᠭᠦ ᠨᠤᠮ ᠳᠤ ᠮᠤᠩᠭ᠋ᠤᠯᠴᠤᠳ ᠤᠨ ᠪᠠᠢ᠌ᠭᠠᠯᠢ ᠪᠠ ᠠᠮᠢᠳᠤᠷᠠᠯ ᠤᠨ ᠠᠭᠤᠰᠤᠯᠳᠤᠯ᠂ ᠣᠷᠠᠨ ᠰᠠᠤᠠᠭᠢᠮᠵᠢ ᠪᠣᠯᠤᠨ ᠣᠷᠠᠨ ᠣᠢ᠌ᠯᠠ ᠶᠢᠨ ᠨᠢᠭᠡᠳᠦᠯᠴᠡᠯ ᠤᠨ ᠨᠢᠭᠳᠠ ᠬᠠᠷᠢᠴᠠᠭ᠎ᠠ ᠶᠢ ᠥᠰᠦᠭ᠌ ᠪᠢᠴᠢᠭ᠌ ᠪᠠ ᠵᠢᠷᠤᠭ ᠣᠷᠠᠯᠠᠯ ᠶᠢᠡᠷ ᠠᠮᠢᠳᠤᠯᠢᠭ ᠳᠤᠰᠬᠠᠨ ᠪᠦᠷᠢᠨ ᠢᠯᠡᠷᠡᠭᠦᠯᠵᠤ ᠴᠢᠳᠠᠵᠠᠢ᠃ ᠢᠩᠭᠢᠭ᠍ᠰᠡᠨ ᠡᠴᠡ ᠳᠤᠰ ᠨᠤᠮ ᠨᠢ ᠵᠠᠷᠤᠳ ᠨᠤᠳᠤᠭ ᠤᠨ ᠣᠯᠠᠮᠵᠢᠯᠠᠯᠳᠤ ᠣᠢ᠌ᠯᠠ ᠣᠶᠤᠳᠠᠯ ᠬᠤᠪᠴᠠᠰᠤ ᠵᠠᠰᠠᠯ ᠤᠨ ᠳᠤᠬᠠᠢ ᠰᠤᠶᠤᠯ ᠤᠨ ᠨᠢᠭᠡ ᠭᠡᠰᠡᠭ᠌ ᠭᠡᠵᠤ ᠡᠷᠳᠡᠮᠳᠡᠨ ᠮᠡᠷᠭᠡᠤᠨ ᠤᠨ ᠦᠨᠳᠦᠷ ᠦᠨᠡᠯᠠᠯ ᠢ ᠭᠦᠷᠳᠡᠭ᠍ᠰᠡᠨ ᠪᠠᠢ᠌ᠨ᠎ᠠ᠃

ᠰᠤᠶᠤᠯ ᠪᠣᠯ ᠨᠢᠭᠡ ᠦᠨᠳᠦᠰᠦᠳᠠᠨ ᠤ ᠦᠨᠢ ᠣᠳᠠᠭᠠᠨ ᠣᠷᠤᠰᠢᠨ ᠳᠤᠭᠳᠠᠨᠢᠬᠤ ᠶᠢᠨ ᠪᠠᠳᠤ ᠪᠠᠭᠢ ᠰᠠᠭᠤᠷᠢ ᠪᠣᠯᠬᠤ ᠪᠠᠷ ᠪᠠᠷᠠᠬᠤ ᠦᠭᠡᠶ ᠳᠡᠯᠡᠭᠡᠢ ᠶᠢᠨ ᠲᠦᠮᠡ ᠮᠢᠩᠭ᠋ᠠᠨ ᠦᠨᠳᠦᠰᠦᠳᠠᠨ ᠶᠠᠰᠤᠳᠠᠨ ᠡᠴᠡ ᠢᠯᠭᠠᠭᠳᠠᠬᠤ ᠳᠤᠭ ᠳᠡᠮᠳᠡᠭ᠌ ᠪᠣᠯᠬᠤ ᠶᠤᠮ᠃ ᠮᠤᠩᠭ᠋ᠤᠯ ᠭᠡ ᠣᠭᠠᠯᠵᠠ ᠪᠠ ᠮᠤᠩᠭ᠋ᠤᠯ ᠣᠶᠤᠳᠠᠯ ᠬᠤᠶᠠᠷ ᠮᠤᠩᠭ᠋ᠤᠯ ᠦᠨᠳᠦᠰᠦᠳᠠᠨ ᠤ ᠬᠤᠪᠴᠠᠰᠤ ᠵᠠᠰᠠᠯ ᠤᠨ ᠰᠤᠶᠤᠯ ᠤᠨ ᠴᠢᠬᠤᠯᠠ ᠨᠢᠭᠡᠨ ᠪᠦᠷᠢᠯᠳᠦᠭᠦᠨ ᠭᠡᠰᠡᠭ᠌ ᠪᠣᠯᠤᠭᠰᠠᠨ ᠤ ᠬᠤᠪᠢ ᠳᠤ ᠮᠤᠩᠭ᠋ᠤᠯᠴᠤᠳ ᠤᠨ ᠠᠮᠢᠳᠤᠷᠠᠯ ᠠᠬᠤᠢ ᠶᠢᠨ ᠣᠷᠳᠤ ᠣᠳᠠᠭᠠᠨ ᠳᠡᠦᠭᠡᠨ ᠶᠠᠪᠣᠴᠠ ᠳᠤ ᠳᠠᠰᠤᠷᠠᠯᠳᠠ ᠦᠭᠡᠶ ᠭᠦᠭ᠍ᠵᠢᠨ ᠢᠷᠡᠭ᠍ᠰᠡᠨ ᠨᠢ ᠵᠠᠢ᠌ᠯᠠᠰᠢ ᠦᠭᠡᠶ᠃ ᠭᠦᠳᠡᠯᠮᠦᠷᠢᠴᠢᠨ ᠲᠦᠮᠡᠨ ᠤ ᠣᠷᠠᠨ ᠭᠠᠷ ᠶᠢᠡᠷ ᠣᠷᠠᠯᠠᠭᠳᠠᠨ ᠪᠦᠳᠦᠭᠡᠭ᠍ᠳᠡᠭ᠍ᠰᠡᠨ ᠮᠤᠩᠭ᠋ᠤᠯ ᠭᠡ ᠣᠭᠠᠯᠵᠠ ᠪᠠ ᠮᠤᠩᠭ᠋ᠤᠯ ᠣᠶᠤᠳᠠᠯ ᠬᠤᠶᠠᠷ᠂ ᠳᠡᠭᠦᠨ ᠤ ᠭᠦᠨ ᠵᠤᠵᠠᠭᠠᠨ ᠦᠨᠳᠦᠰᠦᠳᠠᠨ ᠤ ᠣᠠᠴᠠᠯᠢᠭ ᠪᠣᠯᠤᠨ ᠪᠣᠷᠤᠭᠵᠢᠭᠤᠨ᠂ ᠠᠮᠢᠳᠤᠯᠢᠭ᠂ ᠣᠷᠠᠨ ᠨᠠᠷᠢᠨ ᠶᠢᠡᠷ ᠶᠢᠡᠨ ᠭᠦᠮᠦᠰ ᠤᠨ ᠰᠠᠤᠠᠭᠢᠯ ᠳᠤ ᠣᠠᠴᠠ ᠣᠷᠠᠯᠢᠭ ᠤᠨ ᠨᠥᠯᠦᠭᠡᠯᠡᠭᠦ ᠭᠦᠴᠤᠨ ᠲᠡᠶ ᠪᠠᠢ᠌ᠳᠠᠭ ᠡᠴᠡ ᠮᠤᠩᠭ᠋ᠤᠯᠴᠤᠳ ᠤᠨ ᠠᠬᠤᠢ ᠠᠮᠢᠳᠤᠷᠠᠯ ᠢ ᠴᠢᠮᠡᠭᠯᠡᠨ ᠭᠤᠶᠤᠯᠠᠵᠤ᠂ ᠪᠣᠰᠤᠳ ᠦᠨᠳᠦᠰᠦᠳᠠᠨ ᠶᠠᠰᠤᠳᠠᠨ ᠡᠴᠡ ᠢᠯᠭᠠᠭᠳᠠᠭᠰᠠᠨ ᠰᠤᠶᠤᠯ ᠤᠨ ᠢᠮ ᠳᠡᠮᠳᠡᠭ᠌ ᠢ ᠥᠯᠡᠳᠡᠭᠡᠭ᠍ᠰᠡᠭᠡᠷ ᠢᠷᠡᠭ᠍ᠰᠡᠨ ᠶᠤᠮ᠃ ᠣᠭᠠᠯᠵᠠ ᠣᠷᠠᠯᠢᠭ ᠮᠠᠰᠢ ᠡᠷᠳᠡ ᠡᠴᠡ ᠠᠪᠣᠭᠠᠤᠨ ᠦᠨᠳᠦᠰᠦᠳᠠᠨ ᠤ ᠣᠷᠠᠯᠢᠭ ᠤᠨ ᠨᠢᠭᠡᠨ ᠴᠤᠭᠴᠠ ᠪᠣᠯᠤᠨ ᠪᠦᠷᠢᠯᠳᠦᠭᠡᠤᠨ ᠮᠤᠩᠭ᠋ᠤᠯ ᠦᠨᠳᠦᠰᠦᠳᠠᠨ ᠤ ᠠᠮᠢᠳᠤᠷᠠᠯ᠂ ᠵᠠᠩ ᠵᠠᠩᠰᠢᠯ᠂ ᠠᠵᠤ ᠠᠬᠤᠢ᠂ ᠣᠷᠴᠢᠨ ᠳᠤᠭᠤᠷᠢᠨ ᠤ ᠦᠪᠡᠷᠮᠢᠴᠠ ᠣᠠᠴᠠᠯᠢᠭ ᠢ ᠳᠤᠰᠬᠠᠨ ᠬᠠᠷᠠᠭᠤᠯᠵᠤ᠂ ᠦᠨᠳᠦᠰᠦᠳᠠᠨ ᠤ ᠳᠦᠷᠰᠦᠯᠡᠭᠦ ᠣᠷᠠᠯᠢᠭ ᠤᠨ ᠴᠢᠬᠤᠯᠠ ᠨᠢᠭᠡ ᠭᠡᠰᠡᠭ᠌ ᠨᠢ ᠪᠣᠯᠤᠯ᠎ᠠ ᠭᠡᠰᠡᠨ ᠢ ᠬᠠᠭᠤᠴᠢ ᠰᠤᠳᠤᠯᠤᠯ ᠤᠨ ᠶᠠᠪᠣᠴᠠ ᠳᠤ ᠢᠯᠡᠷᠡᠭᠦᠯᠦᠭ᠍ᠰᠡᠨ ᠶᠢᠡᠷ ᠪᠠᠷᠠᠬᠤ ᠦᠭᠡᠶ ᠮᠤᠩᠭ᠋ᠤᠴᠤᠳ ᠤᠨ ᠠᠪᠳᠠᠷ᠎ᠠ᠂ ᠬᠤᠷᠭᠤ᠂ ᠬᠠᠢ᠌ᠷᠴᠠᠭ ᠰᠠᠪᠠ᠂ ᠰᠢᠷᠡᠭᠡ ᠰᠠᠠᠳᠠᠯᠢ᠂ ᠬᠠᠨ᠎ᠠ ᠰᠠᠷᠠᠪᠴᠢ᠂ ᠡᠭᠦᠳᠡ ᠴᠤᠩᠬᠤ᠂ ᠡᠮᠡᠭᠡᠯ ᠬᠠᠵᠠᠭᠠᠷ᠂ ᠭᠢᠳᠤᠭᠠᠨ ᠬᠤᠢ᠂ ᠡᠭᠡᠮᠦᠭ᠌ ᠰᠥᠢᠭᠡ᠂ ᠪᠠᠭᠤᠤ ᠪᠦᠯᠡᠵᠡᠭ᠌ ᠵᠡᠷᠭᠡ ᠵᠠᠰᠠᠯ ᠴᠢᠮᠡᠭᠯᠡᠯ ᠳᠡᠭᠡᠷ᠎ᠡ ᠪᠠᠨ ᠪᠦᠷ ᠭᠡ ᠣᠭᠠᠯᠵᠠ ᠣᠷᠠᠯᠠᠨ ᠴᠢᠮᠡᠭᠯᠡᠳᠡᠭ᠌ ᠪᠦᠭᠡᠤᠨ ᠳᠠᠪᠠᠯ ᠬᠤᠪᠴᠠᠰᠤ᠂ ᠮᠠᠯᠠᠭᠠᠢ ᠴᠢᠭᠢᠪᠴᠢ᠂ ᠱᠠᠬᠠᠢ ᠭᠤᠳᠤᠯ᠂ ᠬᠠᠪᠳᠠᠭ᠎ᠠ ᠰᠢᠭᠤᠳᠠᠢ᠂ ᠵᠤᠳᠤᠭ ᠳᠤᠤᠬᠤᠤ ᠳᠡᠭᠡᠷ᠎ᠡ ᠪᠠᠨ ᠶᠠᠩᠵᠤ ᠪᠦᠷᠢ ᠶᠢᠨ ᠭᠡ ᠣᠭᠠᠯᠵᠠ ᠳᠠᠭᠠᠷᠠᠭᠤᠯᠵᠤ ᠭᠤᠶᠤᠯᠠᠳᠠᠭ ᠨᠢ ᠣᠳᠤ ᠪᠣᠯᠳᠠᠯ᠎ᠠ ᠣᠯᠠᠮᠵᠢᠯᠠᠭᠳᠠᠭᠰᠠᠭᠠᠷ ᠪᠠᠢ᠌ᠨ᠎ᠠ᠃ 《ᠵᠠᠷᠤᠳ ᠮᠤᠩᠭ᠋ᠤᠯᠴᠤᠳ ᠤᠨ ᠣᠶᠤᠳᠠᠯ ᠣᠷᠠᠯᠠᠯ  》 ᠳ᠋ᠤ ᠮᠤᠩᠭ᠋ᠤᠯᠴᠤᠳ ᠤᠨ ᠭᠡ ᠣᠭᠠᠯᠵᠠ ᠶᠢᠨ ᠳᠡᠦᠭᠡᠨ ᠭᠦᠭ᠍ᠵᠢᠯᠳᠡ᠂ ᠭᠡᠯᠪᠠᠷᠢ ᠶᠠᠩᠵᠤ᠂ ᠲᠦᠷᠦᠯ ᠵᠣᠢ᠌ᠯ ᠢ ᠥᠰᠦᠭ᠌ ᠪᠢᠴᠢᠭ᠌ ᠪᠠ ᠵᠢᠷᠤᠭ ᠣᠷᠠᠯᠠᠯ ᠲᠡᠶ ᠬᠠᠪᠰᠤᠷᠭᠠᠨ ᠳᠠᠨᠢᠯᠴᠠᠭᠤᠯᠤᠭᠰᠠᠨ ᠶᠢᠡᠷ ᠪᠠᠷᠠᠬᠤ ᠦᠭᠡᠶ ᠬᠤᠪᠴᠠᠰᠤ ᠵᠠᠰᠠᠯ ᠪᠠ ᠭᠡ ᠣᠭᠠᠯᠵᠠ ᠶᠢᠨ ᠣᠠᠴᠠᠯᠢᠭ ᠲᠤ ᠵᠤᠭᠢᠴᠠᠭᠤᠯᠤᠨ ᠣᠶᠤᠳᠠᠭ ᠭᠦᠰᠢᠭᠦ᠂ ᠰᠢᠳᠡᠭᠦ᠂ ᠳᠤᠪᠭᠢᠬᠤ᠂ ᠬᠠᠪᠠᠬᠤ᠂ ᠭᠦᠪᠦᠷᠢᠦᠡᠭᠦ ᠮᠠᠳᠤ ᠶᠢᠨ ᠣᠶᠤᠳᠠᠯ ᠤᠨ ᠠᠷᠭ᠎ᠠ ᠪᠠ ᠣᠷᠢᠶᠠᠮᠠᠯ᠂ ᠬᠠᠤᠠᠬᠤᠮᠠᠯ᠂ ᠨᠠᠭᠠᠮᠠᠯ ᠰᠠᠢ᠌ᠯᠤᠮᠠᠯ᠂ ᠨᠡᠭᠡᠮᠡᠯ᠂ ᠰᠦᠯᠵᠢᠮᠠᠯ᠂ ᠰᠢᠭᠯᠠᠮᠠᠯ ᠳᠠᠭᠤᠰᠢᠮᠠᠯ ᠵᠡᠷᠭᠡ ᠣᠷᠠᠨ ᠨᠠᠷᠢᠨ ᠣᠶᠤᠳᠠᠯ ᠤᠨ ᠣᠷ᠎ᠠ ᠮᠡᠷᠭᠡᠵᠢᠯ ᠢ ᠰᠢᠰᠲ᠋ᠸᠮ ᠲᠡᠶ ᠳᠠᠨᠢᠯᠴᠠᠭᠤᠯᠤᠭᠰᠠᠨ ᠪᠠᠢ᠌ᠨ᠎ᠠ᠃

ᠮᠤᠩᠭ᠋ᠤᠯ ᠦᠨᠳᠦᠰᠦᠳᠠᠨ ᠤ ᠰᠤᠶᠤᠯ ᠤᠨ ᠨᠢᠭᠡ ᠭᠡᠰᠡᠭ᠌ ᠪᠣᠯᠬᠤ ᠣᠶᠤᠳᠠᠯ ᠣᠷᠠᠯᠠᠯ ᠤᠨ ᠳᠡᠦᠭᠡ᠂ ᠲᠦᠷᠦᠯ ᠵᠣᠢ᠌ᠯ᠂ ᠣᠶᠤᠬᠤ ᠠᠷᠭ᠎ᠠ ᠶᠢ ᠰᠠᠷᠵᠢᠮ᠎ᠠ ᠨᠥᠭᠦᠷ ᠣᠯᠠᠨ ᠤ ᠡᠮᠦᠨ᠎ᠡ ᠨᠤᠮ ᠳᠠᠪᠳᠠᠷ ᠪᠣᠯᠭᠠᠨ ᠳᠡᠯᠭᠡᠯ᠎ᠡ᠃ ᠡᠨᠡ ᠨᠢ ᠳᠡᠭᠦᠨ ᠤ ᠨᠠᠰᠤᠨ ᠤ ᠨᠠᠮᠤᠷ ᠲᠠᠭᠠᠨ ᠳᠡᠪᠰᠢᠭᠦᠯᠦᠭ᠍ᠰᠡᠨ ᠨᠠᠠᠳᠢᠨ ᠪᠠᠯᠡᠭ᠌ ᠪᠣᠯᠬᠤ ᠪᠠᠷ ᠪᠠᠷᠠᠬᠤ ᠦᠭᠡᠶ᠂ ᠣᠬᠠᠭᠠᠷᠠᠵᠤ ᠰᠡᠭᠡᠭᠡᠷᠡᠵᠤ ᠶᠠᠪᠣᠭ᠎ᠠ ᠪᠦᠭᠦ ᠮᠤᠩᠭ᠋ᠤᠯᠴᠤᠳ ᠲᠤ ᠦᠨᠳᠦᠰᠦᠳᠠᠨ ᠶᠢᠡᠨ ᠬᠠᠢ᠌ᠷᠠᠯᠠᠵᠤ᠂ ᠦᠨᠳᠦᠰᠦᠳᠠᠨ ᠤ ᠰᠤᠶᠤᠯ ᠶᠢᠡᠨ ᠭᠦᠡᠳᠦᠦᠡᠭᠡᠭᠦ ᠴᠢᠬᠤᠯᠠ ᠴᠢᠨᠠᠷ ᠢ ᠳᠠᠨᠢᠭᠤᠯᠤᠨ ᠣᠷᠠᠢ᠌ᠯᠠᠭᠰᠠᠨ ᠵᠢᠷᠦᠭᠡᠨ ᠬᠠᠰᠭᠢᠷᠤᠯ ᠪᠣᠯᠬᠤ ᠶᠤᠮ᠃ ᠰᠠᠷᠵᠢᠮ᠎ᠠ ᠰᠢᠭ ᠮᠤᠩᠭ᠋ᠤᠯ ᠤᠨ ᠰᠢᠯᠢᠳᠡᠭ᠌ ᠪᠦᠰᠡᠭᠦᠢᠴᠦᠦᠯ ᠤᠨ ᠭᠠᠷ ᠲᠤ ᠦᠨᠳᠦᠰᠦᠳᠠᠨ ᠤ ᠦᠪ ᠰᠤᠶᠤᠯ ᠬᠠᠳᠠᠭᠠᠯᠠᠭᠳᠠᠨ ᠬᠠᠮᠠᠭᠠᠯᠠᠭᠳᠠᠵᠤ᠂ ᠮᠦᠨ ᠠᠮᠢᠯᠠᠨ ᠰᠡᠷᠭᠦᠵᠤ ᠨᠠᠢ᠌ᠳᠠᠮ ᠨᠠᠢ᠌ᠳᠠ ᠳᠤ ᠳᠡᠪᠰᠢᠭᠦᠯᠦᠭ᠍ᠳᠡᠭᠦ ᠨᠢ ᠯᠠᠪᠳᠠᠢ᠃

ᠰᠠᠷᠵᠢᠮ᠎ᠠ᠂ ᠠᠯᠢ ᠣᠯᠠᠨ ᠮᠤᠩᠭ᠋ᠤᠯ ᠪᠦᠰᠡᠭᠦᠢᠴᠦᠳ ᠲᠡᠶ ᠠᠳᠠᠯᠢ ᠶ‍ᠢᠰᠤᠨ ᠨᠠᠰᠤᠨ ᠡᠴᠡ ᠪᠠᠨ ᠣᠶᠤᠳᠠᠯ ᠣᠷᠠᠯᠠᠯ ᠢ ᠪᠠᠬᠠᠷᠬᠠᠨ ᠣᠷᠤᠯᠳᠤᠵᠤ ᠡᠴᠦᠰ ᠲᠡᠭᠡᠨ 《ᠵᠠᠷᠤᠳ ᠮᠤᠩᠭ᠋ᠤᠯᠴᠤᠳ ᠤᠨ ᠣᠶᠤᠳᠠᠯ ᠣᠷᠠᠯᠠᠯ 》 ᠭᠡᠭᠦ ᠳᠤᠮᠤ ᠪᠦᠳᠦᠭᠡᠯ ᠭᠠᠷᠭᠠᠵᠤ ᠴᠢᠳᠠᠭᠰᠠᠨ ᠣᠷᠠᠨ ᠪᠦᠰᠡᠭᠦᠢᠴᠦᠦᠯ ᠤᠨ ᠳᠤᠮᠳᠠᠭᠢ ᠣᠷᠠᠯᠠᠭᠴᠢ ᠪᠦᠳᠦᠭᠡᠯᠴᠢ ᠪᠦᠰᠡᠭᠦᠢ ᠪᠠᠷ ᠪᠠᠷᠠᠬᠤ ᠦᠭᠡᠶ ᠣᠷᠠᠨ ᠵᠤᠬᠢᠶᠠᠯ᠂ ᠥᠭᠦᠯᠡᠯᠭᠡ ᠨᠠᠢ᠌ᠷᠠᠭᠤᠯᠤᠯ ᠭᠡᠵᠤ ᠮᠦᠨ ᠴᠤ ᠣᠬᠠᠭᠠᠨ ᠰᠠᠨᠠᠭ᠎ᠠ ᠪᠠᠨ ᠰᠣᠢ᠌ᠵᠤ ᠢᠷᠡᠭ᠍ᠰᠡᠨ ᠨᠠᠢ᠌ᠷᠠᠭᠴᠢ ᠵᠤᠬᠢᠶᠠᠭᠴᠢ ᠭᠦᠮᠤᠨ ᠶᠤᠮ᠃ ᠳᠠᠷᠠ 《ᠮᠥᠷᠦᠭᠡᠳᠦᠯ ᠤᠨ ᠣᠶᠠᠩᠭ᠋᠎ᠠ》᠂ 《ᠳᠤᠩᠭ᠋ᠠᠯᠠᠭ ᠣᠷᠤᠰᠬᠠᠯᠳᠤ ᠦᠯᠵᠡᠢ᠌ᠮ᠋ᠦ᠋ᠷᠠᠨ》 ᠭᠡᠭᠦ ᠮᠠᠳᠤ ᠶᠢᠨ ᠣᠯᠠᠨ ᠠᠷᠪᠢᠨ ᠨᠠᠢ᠌ᠷᠠᠭᠤᠯᠤᠯ ᠶᠢᠡᠨ ᠰᠤᠨᠢᠨ ᠰᠡᠳᠭᠦᠯ ᠳᠤ ᠨᠠᠢ᠌ᠳᠠᠯᠠᠵᠤ ᠣᠯᠠᠨ ᠤ ᠬᠠᠷᠠᠴᠠ ᠶᠢ ᠪᠠᠶᠠᠰᠬᠠᠭᠰᠠᠨ ᠪᠠᠢ᠌ᠳᠠᠭ᠃ ᠰᠤᠨᠤᠰᠤᠯᠳᠠ ᠪᠠᠷ ᠳᠠᠷᠠ ᠣᠳᠠᠯ ᠦᠭᠡᠶ ᠨᠠᠢ᠌ᠷᠠᠭᠤᠯᠤᠯ ᠤᠨ ᠳᠡᠭᠦᠪᠦᠷᠢ ᠪᠠᠨ ᠭᠡᠪᠯᠡᠯ ᠳᠤ ᠳᠤᠰᠢᠶᠠᠬᠤ ᠪᠠᠷ ᠪᠠᠢ᠌ᠭ᠎ᠠ ᠭᠡᠨ᠎ᠡ᠂ ᠪᠠᠶᠠᠷᠯᠠᠭᠰᠠᠨ ᠭᠡᠷᠢᠶ᠎ᠡ ᠪᠠᠷᠭᠢᠷ᠎ᠠ ᠭᠡᠭ᠍ᠴᠢ ᠪᠠᠷ ᠡ᠊ᠨᠳᠡ ᠵᠠᠪᠳᠤᠨ ᠠᠮᠵᠢᠯᠳᠠ ᠭᠦᠰᠡᠶ᠎ᠡ︕

《ᠲᠦᠩᠯᠢᠶᠤᠤ ᠡᠳᠦᠷ ᠤᠨ ᠰᠤᠨᠢᠨ》 2006 ᠣᠨ ᠤ 2 ᠰᠠᠷ᠎ᠠ ᠶᠢᠨ 12 ᠤᠨ ᠡᠳᠦᠷ


ᠵᠤᠬᠢᠶᠠᠭᠴᠢ᠄ ᠳᠡᠮᠴᠢᠭ᠌᠂ ᠠᠯᠲᠠᠨ‍᠊ᠤ᠋ᠳᠤ
ᠢᠷᠡᠯᠲᠡ᠄ 《ᠲᠦᠩᠯᠢᠶᠤᠤ ᠡᠳᠦᠷ ᠤᠨ ᠰᠤᠨᠢᠨ》
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 12122
ᠴᠠᠭ᠄ 2006 ᠤᠨ ᠤ 11 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ