☆ ᠵᠦᠩ
ᠠᠯᠠᠭ ᠨᠢᠳᠤᠨ ᠴᠢᠮ᠎ᠠ ᠳ᠋ᠠᠭᠠᠨ
ᠢᠨᠢᠶᠠᠳᠤ ᠠᠯᠳᠠᠭᠰᠠᠨ ᠴᠢᠷᠠᠢ ᠪᠠᠷ ᠴᠢᠨᠢ ᠳᠠᠷᠠ ᠳᠠᠯ᠎ᠠ
ᠴᠡᠴᠡᠭ᠌ ᠶᠢᠡᠷ ᠭᠤᠶᠤᠵᠤ ᠠᠳᠠᠭᠠᠷᠬᠠᠵᠤ ᠭᠡᠨ᠎ᠡ
ᠢᠴᠢᠵᠤ ᠰᠢᠪᠠᠨᠡᠭ᠍ᠰᠡᠨ ᠢ ᠴᠢᠨᠢ ᠴᠢᠩᠨᠠᠭᠰᠠᠨ ᠳᠠᠷᠠ ᠭᠤᠤᠯ
ᠡᠷᠭᠢ ᠪᠠᠨ ᠢᠪᠠᠨ ᠬᠠᠷᠭᠢᠵᠤ ᠭᠡᠨ᠎ᠡ
ᠨᠠᠮᠬᠠᠨ ᠰᠦᠨᠢ ᠶᠢᠨ ᠰᠠᠷᠠᠨ ᠶᠢᠡᠷ ᠭᠡᠭᠡ ᠪᠠᠷᠢᠨ ᠱᠤᠩᠭ᠋ᠤᠯᠠᠭᠰᠠᠨ
ᠨᠤᠳᠤᠭ ᠤᠨ ᠭᠦᠭᠡ ᠰᠠᠯᠭᠢ ᠪᠦᠳᠦᠴᠢᠨ ᠪᠠᠢ᠌ᠵᠤ ᠭᠦᠢᠴᠡᠵᠤ
ᠰᠡᠪᠠᠯᠭᠡ ᠢᠯᠪᠢᠭᠦ ᠢᠯᠳᠠᠮ ᠵᠢᠠᠷ
ᠰᠠᠮ ᠰᠡᠮᠭᠡᠨ ᠥᠨᠦᠰᠦᠭ᠍ᠰᠡᠨ
ᠰᠠᠯᠭᠢ ᠭᠦᠷᠳᠡᠯ᠎ᠡ ᠠᠷᠭᠠᠳᠠᠭᠰᠠᠨ ᠳᠠᠷᠠ ᠯᠠ ᠨᠤᠳᠤᠭ ᠤᠨ
ᠰᠠᠢ᠌ᠬᠠᠨ ᠴᠢᠮ᠎ᠠ ᠳᠠᠭᠠᠨ ᠪᠢ ᠬᠠᠢ᠌ᠷᠠᠳᠠᠢ
ᠰᠠᠪ ᠦᠭᠡᠶ ᠠᠷᠢᠭᠤᠨ ᠰᠡᠳᠭᠢᠯ ᠶᠢᠡᠷ ᠴᠢᠮ᠎ᠠ ᠪᠠᠨ ᠪᠢ ᠬᠠᠢ᠌ᠷᠠᠯᠠᠵᠤ
ᠰᠡᠷᠮᠡᠭᠦᠨ ᠬᠠᠩᠭ᠋ᠠᠢ ᠰᠢᠭ᠌ ᠶᠢᠡᠨ ᠳᠡᠨᠡᠢ᠌ᠭᠦ ᠭᠡᠰᠡᠨ ᠶᠤᠮ
ᠭᠡᠨᠡᠨ ᠬᠤᠩᠭ᠋ᠤᠷ ᠨᠠᠰᠤ ᠪᠠᠨ ᠵᠤᠷᠢᠭᠤᠯᠤᠨ ᠪᠠᠢ᠌ᠵᠤ
ᠭᠡᠳᠡᠷᠭᠦ ᠬᠠᠷᠠᠬᠤ ᠶᠢᠨ ᠵᠠᠪ ᠦᠭᠡᠶ ᠴᠢᠮ᠎ᠠ ᠣᠷᠤᠭᠤ ᠶᠠᠪᠣᠵᠤ ᠪᠠᠢ᠌ᠨ᠎ᠠ
ᠵᠢᠷᠭᠢᠭᠦ ᠰᠢᠪᠠᠭᠤᠳ ᠤᠨ ᠳᠠᠭᠤ ᠪᠠᠷ ᠡᠭᠡᠰᠢᠭ᠌ ᠪᠠᠷᠢᠨ ᠵᠥᠭᠯᠡᠵᠤ
ᠵᠢᠷᠦᠭᠡ ᠪᠠᠷ ᠶᠢᠡᠨ ᠯᠠ ᠪᠢ ᠴᠢᠮ᠎ᠠ ᠣᠷᠤᠭᠤ ᠳᠠᠮᠠᠤᠯᠡᠵᠤ ᠪᠠᠢ᠌ᠨ᠎ᠠ
ᠠᠮᠠᠷᠠᠭ ᠬᠠᠢ᠌ᠷ᠎ᠠ ᠶᠢᠨ ᠠᠯᠳᠠᠨ ᠵᠤᠯᠠ
ᠠᠯᠠᠭ ᠨᠢᠳᠤᠨ ᠴᠢᠮ᠎ᠠ ᠳᠠᠭᠠᠨ ᠪᠢ ᠬᠠᠢ᠌ᠷᠠᠳᠠᠢ
ᠨᠠᠰᠤ ᠨᠠᠰᠤ ᠶᠢ ᠨᠡᠮᠡᠭᠦ ᠳ᠋ᠤ
ᠨᠠᠢ᠌ᠷ ᠨᠠᠢ᠌ᠷ ᠢ ᠭᠦᠯᠢᠶᠡᠵᠤ ᠬᠠᠢ᠌ᠷᠠᠯᠠᠭᠰᠠᠨ ᠶᠤᠮ
ᠨᠠᠮᠤᠷ ᠨᠠᠮᠤᠷ ᠢ ᠪᠣᠴᠠᠬᠤ ᠳ᠋ᠤ
ᠨᠡᠭᠦᠳᠡᠯ ᠨᠡᠭᠦᠳᠡᠯ ᠢ ᠨᠡᠭᠡᠵᠤ ᠬᠠᠢ᠌ᠷᠠᠯᠠᠭᠰᠠᠨ ᠶᠤᠮ
ᠠᠶᠤᠤᠯᠢᠬᠠᠢ ᠴᠡᠭᠡᠵᠢ ᠶᠢ ᠮᠢᠨᠢ ᠠᠭᠠᠷ ᠰᠢᠭ ᠡᠵᠡᠯᠡᠭ᠍ᠰᠡᠨ
ᠠᠯᠠᠭ ᠨᠢᠳᠤᠨ ᠴᠢᠮ᠎ᠠ ᠳᠠᠭᠠᠨ ᠪᠢ ᠬᠠᠢ᠌ᠷᠠᠳᠠᠢ
ᠴᠢᠮ᠎ᠠ ᠳᠠᠭᠠᠨ ᠪᠢ ᠣᠴᠢᠨ᠎ᠠ
ᠴᠢᠮᠡᠭ᠌ ᠪᠦᠷᠢᠨ ᠵᠠᠰᠠᠯ ᠶᠢᠡᠷ ᠣᠴᠢᠬᠤ ᠪᠢᠰᠢ
ᠴᠢᠩ ᠬᠠᠢ᠌ᠷ᠎ᠠ ᠶᠢᠨ ᠣᠨᠠᠭᠠᠨ ᠳᠦᠷᠭᠦ ᠪᠠᠷ ᠶᠢᠡᠨ ᠯᠠ ᠣᠴᠢᠨ᠎ᠠ
ᠠᠯᠳᠠᠩᠬᠠᠨ ᠭᠤᠪᠢ ᠪᠠᠨ ᠳᠤᠭᠤᠯᠬᠤ
ᠠᠳᠠᠨ ᠳᠡᠮᠡᠭᠡᠨ ᠤ ᠪᠦᠭᠦᠨ ᠳᠡᠭᠡᠷ᠎ᠡ ᠳᠦᠷᠠᠯᠵᠠᠵᠤ ᠣᠴᠢᠨ᠎ᠠ
ᠠᠯᠤᠰ ᠢ ᠵᠤᠷᠢᠭᠰᠠᠨ ᠳᠠᠪᠭᠢᠭ᠎ᠠ ᠳᠠᠢ
ᠠᠷᠭᠤᠮᠠᠭ ᠭᠦᠯᠦᠭ᠌ ᠤᠨ ᠳᠠᠯ ᠳᠡᠭᠡᠷ᠎ᠡ ᠠᠰᠠᠵᠤ ᠣᠴᠢᠨ᠎ᠠ
ᠡᠨᠡ ᠯᠠ ᠶᠠᠪᠣᠭ᠎ᠠ ᠨᠠᠰᠤᠨ ᠳ᠋ᠤ
ᠨᠠᠷᠠ ᠪᠠᠨ ᠮᠠᠷᠳᠠᠵᠤ ᠣᠴᠢᠨ᠎ᠠ
ᠡᠷᠭᠡᠰ ᠭᠠᠷᠠᠭ ᠤᠨ ᠣᠷᠴᠢᠯ ᠳ᠋ᠤ
ᠨᠠᠷᠠ ᠪᠠᠨ ᠠᠪᠴᠤ ᠯᠠ ᠣᠴᠢᠨ᠎ᠠ
ᠠᠯᠠᠭ ᠨᠢᠳᠤᠨ ᠴᠢᠮ᠎ᠠ ᠳᠠᠭᠠᠨ ᠪᠢ
ᠠᠷᠭ᠎ᠠ ᠦᠭᠡᠶ ᠬᠠᠢ᠌ᠷᠠᠳᠠᠢ
ᠵᠤᠬᠢᠶᠠᠭᠴᠢ ᠶᠢᠨ ᠬᠠᠶᠢᠭ ᠄ ᠣᠯᠠᠭᠠᠠᠬᠠᠳᠠ ᠬᠤᠳᠠ ᠶᠢᠨ ᠣᠩᠨᠢᠭᠤᠳ ᠬᠤᠰᠢᠭᠤ
ᠵᠤᠬᠢᠶᠠᠭᠴᠢ᠄ ᠵᠦᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2682
ᠴᠠᠭ᠄ 2010 ᠤᠨ ᠤ 04 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ