ᠨᠡᠪᠲᠡᠷᠡᠨ ᠤᠷᠤᠬᠤ
ᠶᠠᠭᠠᠨ ᠴᠡᠴᠡᠭ᠌ ᠤᠨ ᠳᠡᠯᠪᠠᠭᠡ
ᠠᠴᠢ ᠦᠬᠢᠨ ᠠᠢ᠌ᠵᠠᠮ ᠤᠨ ᠬᠤᠶᠠᠷ ᠨᠠᠰᠤᠨ ᠤ ᠣᠢ ᠳᠤ ᠵᠤᠷᠢᠭᠤᠯᠪᠠ᠃

ᠶᠠᠭᠠᠨ ᠴᠡᠴᠡᠭ᠌ ᠤᠨ ᠳᠡᠯᠪᠠᠭᠡ ᠰᠢᠭ᠌ ᠮᠢᠨᠤ ᠠᠴᠢ ᠦᠬᠢᠨ

ᠶᠠᠭᠠᠭᠢᠬᠤ ᠶᠢᠨ ᠠᠷᠭ᠎ᠠ ᠦᠭᠡᠶ ᠭᠦᠭᠡᠷᠦᠭᠦᠨ ᠶᠤᠮ ᠡ᠂ ᠭᠦᠭᠡᠷᠦᠭᠦᠨ ᠶᠤᠮ  

ᠶᠦᠩᠰᠢᠶᠠᠪᠣ ᠭᠤᠯᠤᠮᠳᠠ ᠳᠤ ᠵᠠᠶᠠᠭᠠᠭᠰᠠᠨ ᠪᠣᠯᠬᠤᠷ

ᠶᠠᠷᠤ ᠪᠣᠰᠤ ᠶᠢᠨ ᠭᠦᠮᠤᠨ ᠭᠠᠷᠤᠨ᠎ᠠ ᠳ᠋ᠠ᠂ ᠬᠤᠵᠢᠮ

ᠳᠤᠷᠭᠠᠨ ᠵᠥᠭᠡᠯᠡᠨ ᠰᠡᠪᠠᠯᠭᠡ ᠲᠡᠶ ᠶᠤᠮ ᠡ

ᠳᠤᠭᠤᠯ ᠬᠠᠷ᠎ᠠ ᠨᠢᠳᠤ ᠲᠡᠶ ᠶᠤᠮ

ᠲ᠋ᠤᠠᠳᠤᠷ ᠲ᠋ᠤᠠᠳᠤᠷ ᠠᠯᠬᠤᠭᠠᠤᠨ ᠯᠠ

ᠲ᠋ᠤᠠᠳᠤᠭᠤᠯ ᠵᠢᠭᠠᠬᠠᠨ ᠪᠠᠶ᠎ᠠ ᠲᠡᠶ ᠶᠤᠮ ᠡ


ᠠᠯᠢᠶ᠎ᠠ ᠭᠡᠳᠡᠭ᠌ ᠨᠢ ᠠᠷᠭ᠎ᠠ ᠥᠭᠡᠢ

ᠠᠢ᠌ᠯ ᠤᠨ ᠭᠦᠪᠠᠭᠦᠤᠨ ᠡᠴᠠ ᠠᠬᠠᠳᠠᠨ᠎ᠠ

ᠴᠤᠪᠣᠭᠤ ᠭᠡᠳᠡᠭ᠌ ᠨᠢ ᠭᠤᠷᠢ ᠥᠭᠡᠢ

ᠴᠤᠮᠤᠷᠯᠢᠭ ᠰᠢᠭ ᠭᠠᠩᠬᠤᠨ ᠪᠦᠵᠢᠭᠯᠡᠴᠢᠭᠡᠨ᠎ᠡ


ᠠᠪᠣ ᠨᠢ ᠭᠦᠭᠡᠷᠦᠭᠦᠢ ᠣᠷᠠᠯᠢᠭᠴᠢᠨ ᠪᠣᠯᠬᠤᠷ

《ᠠᠢ᠌ᠵᠠᠮ》 ᠨᠠᠷ᠎ᠠ ᠬᠠᠢ᠌ᠷᠠᠯᠠᠭᠰᠠᠨ ᠶᠤᠮ

ᠡᠵᠢ ᠨᠢ ᠭᠦᠭᠡᠷᠦᠭᠦᠢ ᠪᠠᠭᠰᠢ ᠪᠣᠯᠬᠤᠷ

ᠡᠪ ᠲᠡᠶ ᠭᠦᠮᠤᠨ ᠪᠣᠯᠭᠠᠬᠤ ᠪᠠᠢ᠌ᠯᠭᠦᠢ


ᠳᠠᠩᠴᠤ ᠰᠠᠢ᠌ᠬᠠᠨ ᠡᠷᠡᠨ ᠳ᠋ᠤ

ᠭᠦᠮᠤᠨ ᠪᠣᠯᠤᠯ᠎ᠠ ᠳ᠋ᠠ ᠦᠬᠢᠨ ᠮᠢᠨᠢ

ᠪᠣᠶᠠᠨ ᠶᠢᠡᠨ ᠰᠠᠢ᠌ᠬᠠᠨ ᠡᠳ᠋ᠯᠡᠶ᠎ᠡ ᠭᠡᠪᠠᠯ

ᠣᠬᠠᠭᠠᠨ ᠲᠡᠶ ᠶᠠᠪᠣᠬᠤ ᠨᠢ ᠣᠯᠵᠠ


ᠭᠡᠨᠡᠨ ᠴᠠᠢ᠌ᠯᠭᠠᠨ ᠢᠨᠢᠶᠠᠳᠤ ᠴᠢᠨᠢ ᠵᠢᠷᠦᠭᠡᠨ ᠳᠤ ᠮᠢᠨᠢ ᠳᠡᠯᠭᠡᠷᠡᠨ᠎ᠡ

ᠭᠡᠷᠰᠡᠤ ᠳᠠᠷᠤᠤᠬᠠᠨ ᠮᠤᠩᠭ᠋ᠤᠯ ᠡᠭᠡ ᠪᠣᠯᠬᠤ ᠰᠤᠪᠢᠩ ᠳᠠᠳᠠᠨ᠎ᠠ

ᠪᠦᠰᠡᠭᠦᠢ ᠵᠠᠶᠠᠭᠠᠨ ᠤ ᠪᠠᠨ ᠳᠡᠭ᠍ᠷᠢ ᠳᠤ ᠰᠢᠳᠤᠵᠤ

ᠶ‍ᠢᠷᠳᠢᠠᠴᠤ ᠶᠢᠨ ᠵᠤᠯᠠᠢ ᠠᠷᠢᠭᠤᠯᠠᠵᠤ ᠶᠠᠪᠣᠭᠠᠷᠠᠢ ︕ ᠠᠴᠢ ᠮᠢᠨᠢ


ᠡᠪᠦᠭᠡ ᠴᠢᠨᠢ ᠭᠦᠭᠡᠷᠦᠭᠦᠢ ᠨᠢᠭᠡ ᠯᠠ ᠡᠳᠦᠷᠲ᠋ᠡᠯᠳᠡᠷᠡᠭᠡᠳ ᠦᠭ‍ᠭᠦᠨ᠎ᠡ ᠳ᠋ᠠ

ᠡᠷᠡᠯᠭᠡᠭ᠌ ᠮᠤᠩᠭ᠋ᠤᠯ ᠣᠳᠤᠮ ᠲᠡᠶ ᠭᠡᠳᠡᠭ᠌ ᠶᠢᠡᠨ ᠪᠣᠤ ᠯᠠ ᠮᠠᠷᠳᠠᠭᠠᠷᠠᠢ

ᠣᠯᠠᠨ ᠣᠯᠠᠨ ᠬᠡᠦᠬᠡᠳ ᠲᠡᠶ ᠢᠵᠢᠯᠢᠰᠢᠵᠤ ᠰᠠᠢ᠌ᠬᠠᠨ ᠶᠠᠪᠣᠭᠠᠷᠠᠢ

ᠣᠠᠴᠠᠭᠠᠢ᠌ᠷᠠᠵᠤ ᠡᠯᠳᠡᠪᠯᠡᠭᠦ ᠵᠠᠩ ᠢ ᠪᠣᠤ ᠯᠠ ᠰᠤᠷᠤᠭᠠᠷᠠᠢ ︕


ᠨᠤᠮ ᠲᠡᠶ ᠶᠠᠪᠣ᠂ ᠨᠤᠮᠤᠬᠠᠨ ᠢ ᠰᠤᠷ

ᠡᠷᠭᠡᠨ ᠳᠤ ᠪᠠᠨ ᠪᠣᠤ ᠰᠢᠳᠠ᠂ ᠡᠷᠳᠡᠮ ᠢ ᠢᠯᠡᠭᠦᠤ ᠰᠤᠷ

ᠥᠭᠡ ᠶᠢ ᠥᠭᠡ ᠪᠣᠯᠭᠠᠵᠤ ᠦᠨᠡᠨ ᠢ ᠦᠪ ᠪᠣᠯᠭ᠎ᠠ

ᠡᠪᠦᠭᠡ ᠶᠢᠨ ᠴᠢᠨᠢ ᠵᠠᠭᠢᠶ᠎ᠠ ᠡᠢ᠌ᠮᠤ ᠯᠠ ᠪᠠᠢ᠌ᠨ᠎ᠠ᠃


                  2012.3


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ ᠬᠤᠳᠠ ᠶᠢᠨ ᠰᠢᠨ᠎ᠡ ᠪᠠᠷᠭᠤ ᠪᠠᠷᠠᠭᠤᠨ ᠬᠤᠰᠢᠭᠤᠨ ᠤ ᠨᠢᠭᠡᠳᠦᠭᠡᠷ ᠳᠤᠮᠳᠠᠳᠤ ᠰᠤᠷᠭᠠᠭᠤᠯᠢ

ᠵᠤᠬᠢᠶᠠᠭᠴᠢ᠄ ᠰᠢᠷᠡᠭᠦ᠋ᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 10041
ᠴᠠᠭ᠄ 2012 ᠤᠨ ᠤ 04 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ