ᠨᠡᠪᠲᠡᠷᠡᠨ ᠤᠷᠤᠬᠤ
ᠪᠣᠭᠳᠠ ᠡᠵᠡᠨ ᠴᠢᠩᠭᠢᠰ ᠬᠠᠭᠠᠨ ᠤ ᠡᠷᠭᠦᠮᠡᠯ ᠳᠡᠭᠦᠤ ᠊᠊᠊᠊᠊᠊᠊᠊᠊᠊᠊᠊᠊᠊᠊ ᠭᠦᠭᠦᠴᠤ

ᠭᠦᠭᠦᠴᠤ ᠊᠊᠊᠊᠊᠊᠊᠊᠊᠊᠊᠊᠊᠊᠊ ᠠᠮᠢᠳᠤᠷᠠᠵᠤ ᠪᠠᠢ᠌ᠭᠰᠠᠨ ᠣᠨ ᠵᠢᠯ ᠤᠨ ᠳᠤᠬᠠᠢ ᠳᠤᠳᠤᠷᠬᠠᠢ ᠳᠡᠮᠳᠡᠭᠯᠡᠯ ᠦᠭᠡᠶ᠃ ᠪᠠᠰᠤᠳ ᠣᠪᠣᠭ ᠤᠨ ᠭᠦᠮᠤᠨ᠂ ᠥᠭᠡᠯᠤᠨ ᠡᠭᠡ ᠶᠢᠨ ᠡᠷᠭᠦᠵᠤ ᠳᠡᠵᠢᠭᠡᠭ᠍ᠰᠡᠨ ᠳᠦᠷᠪᠡᠨ ᠭᠦᠪᠠᠭᠦᠨ ᠤ ᠨᠢᠭᠡ ᠪᠣᠯᠤᠨ᠎ᠠ᠃ ᠴᠢᠩᠭᠢᠰ ᠬᠠᠭᠠᠨ᠂ ᠸᠠᠩ ᠬᠠᠨ ᠪᠣᠯᠤᠨ ᠵᠠᠮᠤᠬ᠎ᠠ ᠶᠢᠨ ᠳᠡᠮᠵᠢᠯᠭᠡ ᠪᠠᠷ ᠭᠤᠷᠪᠠᠨ ᠮᠡᠷᠭᠢᠳ ᠢ ᠳᠤᠪᠳᠤᠯᠵᠤ᠂ ᠮᠡᠷᠭᠢᠳ ᠤᠨ ᠭᠢᠨ ᠳᠤ ᠪᠣᠯᠢᠶᠠᠭᠳᠠᠭᠰᠠᠨ ᠪᠦᠷᠳᠡ ᠦᠵᠢᠨ ᠶᠢᠡᠨ ᠠᠪᠣᠷᠠᠨ ᠠᠪᠣᠭᠰᠠᠨ ᠤ ᠳᠠᠷᠠᠭ᠎ᠠ᠂ ᠵᠠᠳᠠᠷᠠᠨ ᠤ ᠵᠠᠮᠤᠬ᠎ᠠ ᠲᠡᠶ ᠨᠢᠭᠡ ᠦᠶ᠎ᠡ ᠮᠡᠷᠭᠢᠳ ᠡᠴᠠ ᠣᠯᠤᠭᠰᠠᠨ ᠠᠯᠳᠠᠨ ᠪᠦᠰᠡ ᠪᠠᠨ ᠬᠠᠷᠢᠯᠴᠠᠨ ᠰᠤᠯᠢᠯᠴᠠᠨ ᠠᠠᠳᠠ ᠰᠡᠷᠭᠦᠭᠡᠵᠤ᠂ ᠰᠦᠨᠢ ᠭᠠᠭᠴᠠᠨ ᠭᠦᠡᠵᠢᠯᠡ ᠳᠤ ᠬᠤᠨᠤᠵᠤ ᠪᠠᠢ᠌ᠭᠰᠠᠨ ᠶᠢᠡᠨ ᠨᠤᠳᠤᠭ ᠪᠠᠭᠤᠴᠠ ᠨᠡᠭᠦᠭᠦ ᠦᠶ᠎ᠡ ᠳᠤ ᠵᠠᠮᠤᠬ᠎ᠠ ᠶᠢᠨ ᠣᠢ᠌ᠳᠠᠩᠭ᠎ᠠ ᠥᠭᠡ ᠡᠴᠠ ᠪᠣᠯᠵᠤ᠂ ᠪᠦᠷᠳᠡ ᠦᠵᠢᠨ ᠤ ᠥᠭᠡ ᠶᠢ ᠵᠦᠪᠰᠢᠶᠠᠵᠤ ᠳᠠᠮᠤᠵᠢᠨ ᠵᠠᠮᠤᠬ᠎ᠠ ᠡᠴᠠ ᠰᠠᠯᠵᠤ ᠨᠡᠭᠦᠨ ᠶᠠᠪᠣᠪᠠ᠃ ᠵᠠᠮ ᠵᠠᠭᠤᠷ᠎ᠠ ᠳᠠᠢ᠌ᠴᠢᠭᠤᠳ ᠤᠨ ᠨᠤᠳᠤᠭ ᠢ ᠳᠠᠭᠠᠷᠢᠪᠠ᠃ ᠳᠠᠢ᠌ᠴᠢᠭᠤᠳ ᠰᠤᠴᠢᠨ ᠣᠢ᠌ᠮᠠᠵᠤ ᠨᠡᠭᠦᠵᠡᠢ᠃ ᠳᠠᠢ᠌ᠴᠢᠭᠤᠳ ᠤᠨ ᠪᠠᠰᠤᠳ ᠤᠨ ᠨᠤᠳᠤᠭ ᠳᠡᠭᠡᠷ᠎ᠡ ᠡᠴᠠ ᠭᠦᠭᠦᠴᠤ ᠨᠠᠷᠠᠳᠠᠢ ᠥᠴᠦᠭᠡᠨ ᠭᠦᠪᠠᠭᠦᠨ ᠬᠤᠴᠤᠷᠤᠭᠰᠠᠨ ᠢ ᠪᠢᠳᠠᠨ ᠤ ᠭᠢᠨ ᠣᠯᠵᠤ ᠠᠪᠣᠭᠠᠤᠨ᠂ ᠥᠭᠡᠯᠤᠨ ᠡᠭᠡ ᠳᠤ ᠠᠪᠴᠢᠷᠠᠵᠤ ᠥᠭ᠍ᠴᠡᠢ᠃ ᠥᠭᠡᠯᠤᠨ ᠡᠭᠡ ᠳᠡᠭᠦᠨ ᠢ ᠳᠡᠵᠢᠭᠡᠪᠡ᠃ ᠭᠦᠭᠦᠴᠤ᠂ ᠭᠦᠴᠤ ᠲᠡᠶ ᠬᠠᠮᠳᠤ ᠳᠠᠪ ᠳᠡᠭ᠍ᠷᠢ ᠶᠢᠨ ᠣᠪ ᠮᠡᠭᠡ ᠶᠢ ᠥᠭᠡᠯᠤᠨ ᠡᠭᠡ ᠳᠤ ᠮᠡᠳᠡᠭᠦᠯᠵᠤ᠂ ᠴᠢᠩᠭᠢᠰ ᠬᠠᠭᠠᠨ 《ᠬᠠᠰᠠᠷ ᠢ ᠪᠠᠷᠢᠷ᠎ᠠ ᠣᠤᠠᠪᠠ》 ᠭᠡᠵᠤ ᠥᠭᠡᠯᠤᠨ ᠡᠭᠡ ᠳᠤ ᠮᠡᠳᠡᠭᠡ ᠭᠦᠷᠭᠡᠵᠡᠢ᠃ ᠪᠠᠰᠠ ᠴᠢᠩᠭᠢᠰ ᠬᠠᠭᠠᠨ ᠤ ᠶᠡᠭᠡ ᠣᠢ᠌ᠯᠠᠰ ᠲᠤ ᠰᠢᠳᠤᠷᠭᠤ ᠪᠠᠷ ᠣᠢ᠌ᠯᠠᠴᠢᠯᠠᠵᠤ ᠭᠠᠪᠢᠶ᠎ᠠ ᠪᠦᠳᠦᠭᠡᠭ᠍ᠰᠡᠨ ᠶᠢᠡᠷ ᠲᠦᠷᠦ ᠳᠤᠭᠳᠠᠭᠠᠬᠤ ᠦᠶ᠎ᠡ ᠶᠢᠨ 95 ᠮᠢᠩᠭ᠋ᠠᠨ ᠤ ᠨᠤᠶᠠᠨ ᠤ ᠨᠢᠭᠡ ᠪᠠᠷ ᠡᠷᠭᠦᠮᠵᠢᠯᠡᠭ᠍ᠳᠡᠵᠡᠢ᠃ 1206 ᠣᠨ ᠳᠤ ᠴᠢᠩᠭᠢᠰ ᠬᠠᠭᠠᠨ ᠮᠤᠩᠭ᠋ᠤᠯ ᠬᠠᠭᠠᠠᠳᠤ ᠣᠯᠤᠰ ᠤᠨ ᠶᠡᠭᠡ ᠣᠷᠤ ᠳᠤ ᠰᠠᠭᠤᠭᠰᠠᠨ ᠤ ᠳᠠᠷᠠᠭ᠎ᠠ᠂ 《ᠪᠢ ᠡᠭᠡ ᠣᠤᠠᠴᠢᠭᠢᠨ ᠬᠤᠶᠠᠷ ᠲᠤ ᠨᠢᠭᠡ ᠲᠦᠮᠡᠨ ᠢᠷᠭᠡᠨ ᠦᠭ‍ᠭᠦᠭᠡᠳ ᠨᠤᠶᠠᠨ ᠡᠴᠠ ᠭᠦᠴᠤ᠂ ᠭᠦᠭᠦᠴᠤ᠂ ᠵᠦᠩᠰᠡᠢ᠂ ᠠᠷᠬᠠᠰᠤᠨ ᠡᠳᠡ ᠳᠦᠷᠪᠡ ᠶᠢ ᠳᠤᠮᠢᠯᠠᠨ ᠥᠭ᠍ᠪᠡ》 ᠭᠡᠵᠡᠢ᠃ᠵᠤᠬᠢᠶᠠᠭᠴᠢ ᠶᠢᠨ ᠬᠠᠶ‍ᠢᠭ ᠄ ᠴᠢᠩᠭᠢᠰ ᠬᠠᠭᠠᠨ ᠤ ᠣᠩᠭ᠋ᠤᠨ ᠤ ᠳᠠᠢ᠌ᠯᠭ᠎ᠠ ᠰᠤᠶᠤᠯ ᠤᠨ ᠠᠯᠪᠠᠨ ᠭᠡᠷ

ᠵᠤᠬᠢᠶᠠᠭᠴᠢ᠄ ᠰᠡᠴᠡᠡᠪᠢᠯᠢᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠮᠤᠩᠭᠤᠯ ᠲᠡᠦᠬᠡ
ᠳᠠᠷᠤᠮ᠄ 7443
ᠴᠠᠭ᠄ 2010 ᠤᠨ ᠤ 02 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ